ᠬᠠᠯᠠᠭᠤᠨ ᠲᠣᠭᠤᠭ᠎ᠠ ᠢᠳᠡᠭᠦ ᠳᠤ ᠠᠩᠬᠠᠷᠬᠤ ᠵᠣᠶᠢᠯ
ᠨᠡᠶᠢᠲᠡᠯᠡᠭᠰᠡᠨ ᠴᠠᠭ᠄
2022/9/2
                          ᠬᠠᠯᠠᠭᠤᠨ ᠲᠣᠭᠤᠭ᠎ᠠ ᠢᠳᠡᠭᠦ ᠦᠶ᠎ᠠ ᠳᠤ ᠤᠯᠠᠨ ᠶᠠᠩᠵᠤ ᠶᠢᠨ ᠢᠳᠡᠭᠡᠨ ᠢ ᠰᠣᠩᠭᠤᠬᠤ ᠶᠢ ᠠᠩᠬᠠᠷᠬᠤ ᠭᠡᠷᠡᠭᠳᠠᠢ᠃ ᠨᠠᠪᠴᠢᠨ ᠨᠣᠭᠤᠭ᠎ᠠ᠂ ᠠᠮᠳᠠᠳᠣ ᠲᠦᠮᠣᠰᠤ᠂ ᠲᠦᠮᠣᠰᠤ᠂ ᠪᠣᠷᠴᠠᠭ ᠤᠨ ᠵᠣᠶᠢᠯ᠂ ᠲᠠᠯᠳᠠᠤ᠂ ᠮᠦᠭᠦ ᠵᠡᠷᠭᠡ ᠶᠢ ᠢᠯᠡᠭᠦᠭᠡᠨ ᠰᠣᠩᠭᠤᠪᠠᠯ ᠵᠣᠬᠢᠨ᠎ᠠ᠃ ᠲᠣᠣᠷᠡᠬᠢ ᠭᠡᠳᠣᠨ ᠲᠦᠷᠣᠯ ᠤᠨ ᠢᠳᠡᠭᠡᠨ ᠢ ᠪᠠᠭ᠎ᠠ ᠢᠳᠡᠪᠠᠯ ᠲᠠᠭᠠᠷᠠᠨ᠎ᠠ᠄        ᠨᠢᠭᠡ ᠳᠤ᠂ ᠰᠢᠮ᠎ᠠ ᠲᠡᠵᠢᠭᠡᠯ ᠲᠠᠮᠢ ᠠᠭᠤᠯᠣᠭᠳᠠᠬᠤ ᠦᠭᠡᠢ ᠢᠳᠡᠭᠡᠨ ᠤ ᠲᠦᠷᠣᠯ — ᠲᠠᠷᠣᠢ ᠦᠨᠳᠣᠷ ᠡᠨᠧᠷᠬᠢᠳᠣ᠂ ᠦᠨᠳᠣᠷ ᠺᠣᠯᠧᠰᠲ᠋ᠧᠷᠣᠯᠳᠣ ᠪᠠ ᠦᠨᠳᠣᠷ ᠲᠠᠪᠣᠰᠤᠳᠣ ᠢᠳᠡᠭᠡᠨ ᠤ ᠲᠦᠷᠣᠯ ᠪᠣᠯᠣᠨ᠎ᠠ       ᠦᠨᠳᠣᠷ ᠡᠨᠧᠷᠬᠢᠳᠣ ᠢᠳᠡᠭᠡᠨ ᠤ ᠲᠦᠷᠣᠯ᠃ ᠭᠤᠣᠯᠳᠠᠭᠤ ᠦᠭᠡᠷ ᠤᠨ ᠦᠭᠡᠭᠦ᠂ ᠬᠤᠶᠢᠨ ᠤ ᠦᠭᠡᠭᠦ᠂ ᠬᠤᠨᠢᠨ ᠤ ᠰᠡᠭᠦᠯ ᠢ ᠪᠠᠭᠳᠠᠭᠠᠨ᠎ᠠ᠂ ᠡᠨᠡ ᠲᠦᠷᠣᠯ ᠤᠨ ᠮᠢᠬᠠᠨ ᠤ ᠦᠭᠡᠭᠦᠨ ᠤ ᠠᠭᠤᠯᠣᠭᠳᠠᠴᠨ᠂ ᠡᠨᠧᠷᠬᠢ ᠶᠢᠨ ᠠᠭᠤᠯᠣᠭᠳᠠᠴᠨ ᠦᠨᠳᠣᠷ ᠪᠠᠶᠢᠵᠤ᠂ ᠠᠷᠪᠢᠨ ᠢᠳᠡᠪᠠᠯ ᠡᠨᠧᠷᠬᠢ ᠭᠡᠳᠣ ᠠᠷᠪᠢᠨ ᠪᠣᠯᠵᠤ᠂ ᠮᠠᠷᠢᠶᠠᠯᠠᠬᠤ ᠠᠶᠣᠯ ᠲᠠᠢ ᠶᠣᠮ᠃       ᠦᠨᠳᠣᠷ ᠺᠣᠯᠧᠰᠲ᠋ᠧᠷᠣᠯᠳᠣ ᠢᠳᠡᠭᠡᠨ ᠤ ᠲᠦᠷᠣᠯ᠃ ᠭᠤᠣᠯᠳᠠᠭᠤ ᠭᠠᠬᠢ ᠶᠢᠨ ᠲᠠᠷᠢᠬᠢ᠂ ᠭᠡᠳᠡᠰᠤ ᠲᠣᠳᠣᠷ ᠵᠡᠷᠭᠡ ᠶᠢᠨ ᠲᠦᠷᠣᠯ ᠢ ᠪᠠᠭᠳᠠᠭᠠᠨ᠎ᠠ᠃ ᠡᠨᠡ ᠲᠦᠷᠣᠯ ᠤᠨ ᠨᠣᠭᠤᠭ᠎ᠠ ᠨᠢ ᠢᠳᠡᠭᠦ ᠳᠤ ᠠᠮᠳᠠᠳᠠᠢ ᠪᠣᠯᠪᠠᠴᠤ ᠺᠣᠯᠧᠰᠲ᠋ᠧᠷᠣᠯ ᠤᠨ ᠠᠭᠤᠯᠣᠭᠳᠠᠴᠨ ᠨᠢ ᠲᠣᠶᠢᠯ ᠤᠨ ᠦᠨᠳᠣᠷ ᠪᠠᠶᠢᠵᠤ᠂ ᠠᠷᠪᠢᠨ ᠢᠳᠡᠪᠠᠯ ᠵᠢᠷᠣᠭᠡ ᠲᠡᠷᠢᠬᠢᠨ ᠤ ᠴᠢᠰᠣᠨ ᠰᠣᠳᠠᠯ ᠤᠨ ᠡᠪᠡᠣᠨᠴᠢᠨ ᠤᠯᠬᠤ ᠠᠶᠣᠯ ᠲᠠᠢ᠃       ᠦᠨᠳᠣᠷ ᠲᠠᠪᠣᠰᠣᠳᠣ ᠢᠳᠡᠭᠡᠨ᠃ ᠭᠤᠣᠯᠳᠠᠭᠤ ᠲᠠᠪᠣᠰᠣᠯᠠᠭᠰᠡᠨ ᠮᠢᠬ᠎ᠠ᠂ ᠬᠢᠮ᠎ᠠ᠂ ᠵᠢᠭᠠᠰᠣᠨ ᠮᠢᠬᠠᠨ᠂ ᠪᠦᠮᠪᠣᠭᠡᠯᠢᠭ᠂ ᠦᠭᠡᠷ ᠤᠨ ᠮᠢᠬᠠᠨ ᠪᠣᠮᠪᠣᠭᠡᠯᠢᠭ ᠵᠡᠷᠭᠡ ᠪᠣᠯᠪᠠᠰᠣᠷᠠᠭᠤᠯᠣᠭᠰᠡᠨ ᠮᠢᠬᠠᠨ ᠢᠳᠡᠭᠡᠨ ᠪᠠᠭᠳᠠᠨ᠎ᠠ᠃       ᠬᠤᠶᠠᠷ ᠲᠤ᠂ ᠠᠮᠣᠷ ᠲᠦᠪᠰᠢᠨ ᠤ ᠠᠰᠠᠭᠤᠳᠠᠯ ᠤᠷᠣᠰᠢᠬᠤ ᠪᠣᠯᠣᠯᠴᠠᠭ᠎ᠠ ᠲᠠᠢ ᠢᠳᠡᠭᠡᠨ — ᠭᠤᠣᠯᠳᠠᠭᠤ ᠭᠦᠵᠡᠭᠡ᠂ ᠰᠡᠷᠬᠢᠨᠠᠭ᠂ ᠤᠯᠠᠭᠠᠨ ᠬᠤᠭᠤᠯᠠᠢ᠂ ᠨᠣᠭᠤᠰᠣᠨ ᠴᠢᠰᠤ᠂ ᠨᠣᠭᠤᠰᠣᠨ ᠭᠡᠳᠡᠰᠤ ᠵᠡᠷᠭᠡ ᠶᠢ ᠪᠠᠭᠳᠠᠭᠠᠨ᠎ᠠ ᠭᠦᠵᠡᠭᠡ ᠂ ᠰᠡᠷᠬᠢᠨᠠᠭ᠂ ᠤᠯᠠᠭᠠᠨ ᠬᠤᠭᠤᠯᠠᠢ ᠵᠡᠷᠭᠡ ᠤᠰᠤ ᠪᠠᠷ ᠵᠠᠶᠢᠯᠠᠭᠰᠡᠨ ᠪᠦᠳᠣᠭᠡᠭᠳᠡᠭᠦᠨ᠃ ᠡᠨᠡ ᠲᠦᠷᠣᠯ ᠤᠨ ᠢᠳᠡᠭᠡᠨ ᠢ ︽ᠰᠢᠷᠭᠤᠯᠵᠢᠨ ᠠᠯᠳᠧᠬᠢᠳ᠋︾᠂ ︽ᠬᠠᠯᠠᠭᠤᠨ ᠬᠤᠵᠢᠷ︾ ᠵᠡᠷᠭᠡ ᠬᠤᠣᠷ ᠲᠠᠢ ᠬᠢᠮᠢ ᠶᠢᠨ ᠪᠣᠳᠠᠰ ᠢᠶᠠᠷ ᠰᠢᠢᠣᠨᠪᠣᠷᠢᠯᠡᠳᠡᠭ ᠭᠡᠵᠤ ᠦᠷᠭᠦᠯᠵᠢ ᠮᠡᠳᠡᠭᠡᠯᠡᠳᠡᠭ᠂ ᠤᠷᠳᠣ ᠬᠤᠭᠤᠴᠠᠭ᠎ᠠ ᠢᠳᠡᠪᠠᠯ ᠮᠡᠳᠡᠷᠡᠯ ᠤᠨ ᠰᠢᠰᠲ᠋ᠧᠮ ᠪᠠ       ᠰᠢᠩᠭᠡᠭᠡᠯᠳᠠ ᠶᠢᠨ ᠰᠢᠰᠲ᠋ᠧᠮ ᠢ ᠭᠡᠮᠳᠣᠭᠡᠵᠤ᠂ ᠭᠦᠮᠣᠨ ᠤ ᠪᠠᠶ᠎ᠠ ᠶᠢᠨ ᠡᠷᠡᠭᠦᠯ ᠮᠡᠨᠳᠣ ᠶᠢ ᠨᠦᠯᠣᠭᠡᠯᠡᠨ᠎ᠠ᠃ ᠦᠩᠭᠡ ᠤᠷᠣᠭᠤᠯᠬᠤ ᠳᠤ ᠠᠮᠠᠷᠬᠠᠨ ᠢᠳᠡᠭᠡᠨ᠃ ᠦᠩᠭᠡ ᠤᠷᠣᠭᠤᠯᠬᠤ ᠳᠤ ᠠᠮᠠᠷᠬᠠᠨ ᠢᠳᠡᠭᠡᠨ ᠳᠤ ᠭᠤᠣᠯᠳᠠᠭᠤ ᠨᠣᠭᠤᠰᠣᠨ ᠴᠢᠰᠤ᠂ ᠬᠠᠶᠢᠳᠠᠢ᠂ ᠰᠢᠷ᠎ᠠ ᠵᠡᠭᠦᠤ ᠶᠢᠨ ᠮᠦᠭᠦ᠂ ᠰᠣᠷᠭᠤᠭ ᠬᠤᠯᠣᠰᠣᠨ ᠰᠦᠶ᠎ᠠ᠂ ᠨᠣᠭᠤᠰᠣᠨ ᠭᠡᠳᠡᠰᠤ ᠵᠡᠷᠭᠡ ᠪᠠᠭᠳᠠᠨ᠎ᠠ᠃ ᠭᠡᠷᠡᠭᠯᠡᠭᠴᠢᠣᠨ ᠭᠡᠷᠪᠠ ᠨᠣᠭᠤᠰᠣᠨ ᠴᠢᠰᠤ᠂ ᠨᠣᠭᠤᠰᠣᠨ ᠭᠡᠳᠡᠰᠤ ᠵᠡᠷᠭᠡ ᠶᠢ ᠬᠤᠳᠠᠯᠳᠣᠨ ᠠᠪᠬᠤ ᠳᠤ ᠦᠩᠭᠡ ᠨᠢ ᠲᠡᠩᠳᠡᠭᠦᠤ ᠬᠢᠯᠭᠠᠷ ᠪᠠᠶᠢᠵᠤ᠂ ᠬᠠᠶᠢᠳᠠᠢ ᠨᠢ ᠭᠦᠭᠡ ᠦᠩᠭᠡᠳᠠᠢ ᠪᠠᠶᠢᠪᠠᠯ᠂ ᠤᠨᠴᠠᠭᠠᠢ ᠰᠡᠷᠡᠮᠵᠢᠯᠡᠭᠦ ᠭᠡᠷᠡᠭᠳᠠᠢ᠃
 
ᠢᠷᠡᠯᠲᠡ᠄ ᠠᠯᠠᠱᠠ ᠵᠡᠭᠦᠨ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号