| | ᠭᠠᠳᠠᠭᠠᠳᠣ ᠶᠢᠷᠲᠢᠨᠴᠣ ᠶᠢᠨ ᠠᠯᠢᠪᠠ ᠪᠤᠳᠢᠰ ᠪᠦᠬᠦᠨ ᠡᠯᠳᠡᠪ ᠤᠨ ᠦᠩᠭᠡ ᠲᠠᠢ ᠪᠠᠶᠢᠳᠠᠭ᠂ ᠲᠡᠷᠡ ᠨᠢ ᠪᠤᠳᠢᠰ ᠢ | ᠲᠤᠳᠤᠷᠬᠠᠢ ᠪᠦᠭᠡᠳ ᠰᠠᠶᠢᠬᠠᠨ ᠬᠠᠷᠠᠭᠳᠠᠭᠤᠯᠵᠣ᠂ ᠬᠦᠮᠦᠰ ᠤᠨ ᠠᠳᠠᠯᠢ ᠪᠤᠰᠣ ᠰᠡᠳᠬᠢᠯᠭᠡ ᠪᠠ ᠰᠤᠨᠢᠷᠬᠠᠯ ᠢ ᠲᠠᠲᠠᠳᠠᠭ᠃ | ᠦᠩᠭᠡᠷᠡᠥ ᠬᠤᠷᠴᠠ ᠭᠡᠭᠡᠨ ᠦᠩᠭᠡ ᠨᠢ ᠬᠦᠮᠦᠰ ᠲᠤ ᠶᠠᠳᠠᠷᠠᠬᠤ ᠰᠡᠷᠡᠯ ᠦᠭᠴᠦ᠂ ᠦᠩᠭᠡᠷᠡᠥ ᠪᠤᠳᠤᠩᠭᠤᠢ ᠦᠩᠭᠡ ᠨᠢ | ᠬᠦᠮᠦᠰ ᠤᠨ ᠣᠷᠮ᠎ᠠ ᠵᠤᠷᠢᠭ ᠢ ᠪᠠᠭᠤᠷᠠᠭᠤᠯᠣᠨ᠎ᠠ᠃ ᠣᠯᠠᠭᠠᠨ ᠰᠢᠷ᠎ᠠ ᠦᠩᠭᠡ ᠨᠢ ᠨᠢᠳᠦ ᠭᠢᠯᠠᠰᠴᠣ ᠪᠠᠶᠢᠬᠤ ᠰᠢᠭ | ᠰᠠᠨᠠᠭᠳᠠᠭᠤᠯᠵᠣ᠂ ᠬᠦᠬᠡ ᠨᠤᠭᠤᠭᠠᠨ ᠦᠩᠭᠡ ᠨᠢ ᠰᠡᠷᠢᠭᠦᠨ ᠪᠦᠭᠡᠳ ᠨᠠᠮᠵᠢᠭᠤ ᠲᠠᠶᠢᠪᠣᠩ ᠪᠤᠳᠤᠯ ᠤᠯᠭᠤᠨ᠎ᠠ᠃ ᠡᠯ᠎ᠡ | ᠵᠣᠶᠢᠯ ᠤᠨ ᠦᠩᠭᠡ ᠨᠢ ᠭᠡᠷᠡᠯ ᠢ ᠰᠢᠩᠭᠡᠭᠡᠬᠦ ᠪᠠᠤᠶᠢᠯᠠᠭᠠᠬᠤ ᠳᠠᠭᠠᠨ ᠪᠦᠷ ᠠᠳᠠᠯᠢ ᠦᠭᠡᠢ ᠪᠠᠶᠢᠳᠠᠭ ᠶᠣᠮ᠂ ᠣᠯᠠᠭᠠᠨ | ᠦᠩᠭᠡ ᠶᠢᠨ ᠭᠡᠷᠡᠯ ᠢ %ᠵᠢᠷᠠᠨ ᠳᠤᠯᠤᠭ᠎ᠠ ᠤᠶᠢᠯᠵᠣ᠂ ᠰᠢᠷ᠎ᠠ ᠦᠩᠭᠡ ᠶᠢ % ᠤ ᠵᠢᠷᠠᠨ ᠲᠠᠪᠤ ᠤᠶᠢᠯᠵᠣ᠂ ᠨᠤᠭᠤᠭᠠᠨ | ᠦᠩᠭᠡ ᠶᠢ % ᠤ ᠳᠦᠴᠢᠨ ᠳᠤᠯᠤᠭ᠎ᠠ ᠤᠶᠢᠯᠵᠣ᠂ ᠬᠦᠬᠡ ᠦᠩᠭᠡ ᠵᠦᠪᠬᠡᠨ ᠵᠠᠭᠤᠨ ᠤ ᠭᠤᠴᠢᠨ ᠵᠢᠷᠭᠤᠭ᠎ᠠ ᠤᠶᠢᠯᠭᠠᠳᠠᠭ᠂ | ᠣᠯᠠᠭᠠᠨ ᠬᠢᠭᠡᠳ ᠰᠢᠷ᠎ᠠ ᠦᠩᠭᠡ ᠶᠢᠨ ᠭᠡᠷᠡᠯ ᠤᠶᠢᠯᠬᠤ ᠳᠠᠭᠠᠨ | ᠨᠡᠯᠢᠶᠡᠳ ᠴᠢᠩᠭ᠎ᠠ ᠲᠣᠯᠠ ᠠᠮᠠᠷᠬᠠᠨ ᠨᠢᠳᠦ ᠭᠢᠯᠠᠰᠬᠤ ᠪᠤᠶᠣ ᠨᠢᠳᠦ ᠶᠢ ᠬᠤᠷᠤᠰᠬᠠᠳᠠᠭ᠂ ᠬᠦᠬᠡ ᠨᠤᠭᠤᠭᠠᠨ | ᠦᠩᠭᠡ ᠬᠠᠷᠢᠨ ᠭᠡᠷᠡᠯ ᠢ ᠰᠢᠩᠭᠡᠭᠡᠨ ᠠᠪᠬᠤ ᠪᠤᠶᠣ ᠤᠶᠢᠯᠬᠤ ᠳᠠᠭᠠᠨ ᠪᠠᠷᠤᠭ ᠳᠣᠮᠳᠠ ᠨᠢ ᠪᠠᠶᠢᠳᠠᠭ ᠪᠤᠯᠬᠤᠷ ᠬᠦᠮᠦᠨ ᠤ | ᠮᠡᠳᠡᠷᠡᠯ ᠤᠨ ᠰᠢᠰᠲ᠋ᠧᠮ᠂ ᠶᠡᠭᠡ ᠲᠠᠷᠢᠬᠢᠨ ᠤ ᠬᠦᠷᠦᠰᠦᠯᠢᠭ ᠲᠠᠪᠬᠤᠷᠭ᠎ᠠ ᠬᠢᠭᠡᠳ ᠨᠢᠳᠦᠨ ᠤ ᠲᠤᠦᠷᠯᠢᠭ ᠪᠦᠷᠬᠦᠪᠴᠢ ᠶᠢᠨ | ᠨᠠᠬᠡᠳᠡᠰᠦ ᠳᠤ ᠨᠡᠯᠢᠶᠡᠳ ᠲᠤᠬᠢᠷᠠᠳᠠᠭ ᠶᠣᠮ᠃ ᠵᠢᠱᠢᠶᠡᠯᠡᠪᠡᠯ᠂ ᠡᠪᠡᠰᠦ ᠮᠣᠳᠣᠨ ᠤ ᠬᠦᠬᠡ ᠨᠤᠭᠤᠭᠠᠨ ᠦᠩᠭᠡ ᠨᠢ ᠨᠠᠷᠠᠨ ᠤ | ᠬᠤᠷᠴᠠ ᠭᠡᠷᠡᠯ ᠳᠠᠬᠢ ᠨᠢᠳᠦᠨ ᠳᠤ ᠬᠤᠥᠷᠲᠠᠢ ᠬᠦᠷᠡᠩ ᠤᠨ ᠭᠠᠳᠠᠨᠠᠬᠢ ᠲᠣᠶᠠᠭ᠎ᠠ ᠶᠢ ᠰᠢᠩᠭᠡᠭᠡᠨ ᠠᠪᠴᠣ ᠴᠢᠳᠠᠬᠤ ᠪᠠᠷ | ᠪᠠᠷᠠᠬᠤ ᠦᠭᠡᠢ᠂ ᠬᠤᠷᠴᠠ ᠭᠡᠷᠡᠯ ᠤᠨ ᠨᠢᠳᠦ ᠭᠢᠯᠠᠰᠠᠭᠤᠯᠬᠤ ᠬᠦᠴᠦᠨ ᠢ ᠴᠣ᠋ ᠪᠠᠭᠤᠷᠠᠭᠤᠯᠵᠣ ᠴᠢᠳᠠᠳᠠᠭ ᠶᠣᠮ᠃ | ᠶᠠᠭᠠᠷᠠᠯᠲᠠᠢ ᠠᠵᠢᠯᠯᠠᠵᠣ ᠰᠣᠷᠣᠯᠴᠠᠭᠰᠠᠨ ᠤ ᠳᠠᠷᠠᠭ᠎ᠠ᠂ ᠬᠢᠷᠪᠡ ᠴᠣᠩᠬᠤ ᠪᠠᠷ ᠢᠶᠠᠨ ᠠᠯᠣᠰ ᠬᠤᠯᠠ ᠶᠢᠨ ᠡᠪᠡᠰᠦ ᠮᠣᠳᠣ ᠶᠢ | ᠬᠠᠷᠠᠬᠤ ᠨᠢ ᠶᠠᠭᠠᠷᠠᠥ ᠪᠠᠴᠢᠮᠳᠠᠭᠰᠠᠨ ᠮᠡᠳᠡᠷᠡᠯ ᠤᠳ ᠨᠢ-ᠭᠡᠭᠱᠠᠨ ᠵᠠᠭᠤᠷ᠎ᠠ ᠬᠦᠩᠭᠡᠷᠡᠵᠣ ᠰᠣᠯᠠᠷᠠᠭᠠᠳ ᠨᠢᠳᠦᠨ ᠤ ᠶᠠᠳᠠᠷᠠᠯ | ᠳᠤᠥᠷᠠ ᠪᠠᠨ ᠲᠠᠶᠢᠯᠣᠭᠳᠠᠳᠠᠭ᠃ ᠡᠶᠢᠮᠣ᠋ ᠠᠴᠠ ᠡᠳᠦᠷ ᠲᠤᠳᠤᠮ ᠤᠨ ᠠᠵᠢᠯ ᠰᠣᠷᠣᠯᠭ᠎ᠠ ᠶᠢᠨ ᠳᠠᠷᠠᠭ᠎ᠠ ᠬᠦᠬᠡ ᠨᠤᠭᠤᠭᠠᠨ | ᠦᠩᠭᠡ ᠲᠠᠢ ᠶᠠᠭᠤᠮ᠎ᠠ ᠶᠢ ᠢᠯᠡᠭᠦᠥ ᠦᠵᠡᠪᠡᠯ ᠨᠢᠳᠦ ᠶᠢ ᠬᠠᠮᠠᠭᠠᠯᠠᠬᠤ ᠣᠶᠢᠯᠡᠳᠦᠯ ᠲᠠᠢ ᠶᠣᠮ᠃ |