ᠵᠢᠷᠭᠤᠭᠠᠨ ᠵᠤᠶᠢᠯ ᠤᠨ ᠴᠤᠯ ᠨᠤᠭᠤᠭᠠᠨ ᠤ ᠲᠠᠩ ᠢᠶᠠᠷ ᠭᠡᠢ ᠴᠢᠰᠤ ᠶᠢ ᠨᠦᠭᠦᠭᠦ
ᠨᠡᠶᠢᠲᠡᠯᠡᠭᠰᠡᠨ ᠴᠠᠭ᠄
2022/9/2
                  ᠲᠦᠮᠤᠰᠤ ᡁᠢ ᠽᠠᠢ ᠲᠠᠩ       ᠲᠦᠮᠤᠰᠤ30 ᠺᠷᠠᠮ᠂ ᡁᠢ ᠽᠠᠢ ᠹᠧ9 ᠺᠷᠠᠮ᠂ ᠤᠯᠠᠭᠠᠨ ᠴᠢᠪᠠᠭ᠎ᠠ20᠎ ᠶᠢ ᠡᠳᠤᠷ ᠲᠤ ᠨᠢᠭᠡ ᠬᠤᠪᠢ ᠴᠢᠨᠠᠵᠤ ᠭᠤᠷᠪᠠ ᠬᠤᠪᠢᠶᠠᠵᠤ ᠤᠤᠭᠤᠨ᠎ᠠ᠃ ᠡᠨᠡ ᠪᠣᠯ ᠪᠦᠭᠡᠷᠡᠨ ᠲᠠᠮᠢᠷ ᠢ ᠨᠦᠭᠦᠵᠤ ᠴᠢᠰᠤᠨ ᠲᠠᠷᠤᠯᠳᠠ ᠲᠤᠤᠷ᠎ᠠ ᠭᠦᠮᠤᠰ ᠲᠤ ᠲᠤᠭᠢᠷᠠᠨ᠎ᠠ᠃              ᠬᠠᠷ᠎ᠠ ᠲᠠᠯᠳᠠᠤ ᠤᠯᠠᠭᠠᠨ ᠴᠢᠪᠠᠭ᠎ᠠ ᠶᠢᠨ ᠲᠠᠩ       ᠬᠠᠷ᠎ᠠ ᠲᠠᠯᠳᠠᠤ10 ᠺᠷᠠᠮ᠂ ᠤᠯᠠᠭᠠᠨ ᠴᠢᠪᠠᠭ᠎ᠠ50 ᠺᠷᠠᠮ ᠲᠡᠭᠡᠷ᠎ᠡ ᠪᠠᠭ᠎ᠠ ᠴᠠᠭᠠᠨ ᠰᠠᠳᠠᠩ ᠨᠠᠮᠠᠨ᠎ᠠ᠃ ᠡᠨᠡ ᠪᠣᠯ ᠲᠡᠯᠢᠭᠦᠤ ᠤ ᠲᠠᠮᠢᠷ ᠢ ᠨᠦᠭᠦᠵᠤ᠂ ᠴᠢᠰᠤᠨ ᠴᠤᠭᠴᠠ︵血小板︶ ᠲᠤᠳᠠᠭᠳᠠᠬᠤ᠂ ᠡᠮᠡᠭᠳᠠᠢ ᠭᠦᠮᠤᠨ ᠤ ᠨᠢᠭᠤᠷ ᠤᠨ ᠥᠩᠭᠡ ᠰᠢᠷᠠᠯᠠᠬᠤ᠂ ᠴᠠᠶᠢᠷᠠᠬᠤ᠂ ᠬᠤᠵᠠᠶᠢᠬᠤ ᠵᠡᠷᠭᠡ ᠳᠤ ᠲᠤᠭᠢᠷᠠᠨ᠎ᠠ᠃              ᠤᠯᠠᠭᠠᠨ ᠴᠢᠪᠠᠭ᠎ᠠ ᠲᠦᠮᠤᠰᠤ ᠶᠢᠨ ᠲᠠᠩ       ᠤᠯᠠᠭᠠᠨ ᠴᠢᠪᠠᠭ᠎ᠠ10 ᠪᠦᠭᠦᠯᠢ᠂ ᠲᠦᠮᠤᠰᠤ300 ᠺᠷᠠᠮ ᠤᠷᠴᠢᠮ᠂ ᠺᠦᠢ ᠶᠦᠸᠠᠨ ᠿᠦ᠋ ᠶᠢᠨ ᠬᠠᠳᠠᠭᠠᠮᠠᠯ᠂ ᠴᠠᠭᠠᠨ ᠰᠠᠳᠠᠩ ᠪᠠᠭ᠎ᠠ ᠭᠢᠨ᠎ᠡ᠃ ᠡᠨᠡ ᠪᠣᠯ ᠭᠡᠢ ᠴᠢᠰᠤ ᠶᠢ ᠨᠦᠭᠦᠵᠤ᠂ ᠲᠠᠯᠢᠭᠦᠤ ᠬᠤᠳᠤᠭᠤᠳᠤ ᠶᠢ ᠴᠢᠭᠢᠷᠠᠭᠵᠢᠭᠤᠯᠵᠤ᠂ ᠥᠩᠭᠡ ᠵᠢᠰᠤ ᠶᠢ ᠰᠠᠶᠢᠵᠢᠷᠠᠭᠤᠯᠤᠨ᠎ᠠ᠃              ᠲᠦᠮᠤᠰᠤ᠂ ᠮᠥᠩᠭᠦᠨ ᠲᠠᠯᠳᠠᠤ ᠶᠢᠨ ᠲᠠᠩ       ᠲᠦᠮᠤᠰᠤ30 ᠺᠷᠠᠮ᠂ ᠮᠥᠩᠭᠦᠨ ᠲᠠᠯᠳᠠᠤ ︵银耳︶᠂ ᠠᠪᠢᠬ᠎ᠠ ︵百合︶80 ᠺᠷᠠᠮ ᠢ ᠴᠢᠨᠠᠵᠤ ᠤᠤᠭᠤᠨ᠎ᠠ᠃ ᠡᠨᠡ ᠪᠣᠯ ᠠᠭᠤᠰᠭᠢ ᠶᠢ ᠨᠦᠭᠦᠵᠤ᠂ ᠴᠢᠰᠤ ᠶᠢ ᠲᠠᠵᠢᠭᠠᠵᠤ᠂ ᠴᠢᠰᠤᠨ ᠤ ᠲᠤᠳᠤᠷᠠᠭᠢ ᠡᠯᠳᠡᠪ ᠡᠳ᠋ ᠶᠢ ᠴᠡᠪᠡᠷᠰᠢᠭᠦᠯᠤᠨ᠎ᠡ᠃              ᠬᠤᠩ ᠰᠤ᠋ ᠯᠢᠩᠬᠤᠸ᠎ᠠ ᠶᠢᠨ ᠲᠠᠩ       ᠬᠤᠩ ᠰᠤ᠋᠂ ᠯᠢᠩᠬᠤᠸ᠎ᠠ ᠶᠢᠨ ᠦᠷ᠎ᠡ᠂ ᠪᠠᠮᠪᠠᠷᠠᠢ᠂ ᠲᠦᠭᠦᠭᠡᠢ ᠬᠤᠸᠠ ᠱᠸᠡᠩ᠂ ᠤᠯᠠᠭᠠᠨ ᠴᠢᠪᠠᠭ᠎ᠠ ᠬᠤᠪᠢ ᠲᠡᠭᠰᠢ ᠴᠢᠨᠠᠵᠤ ᠤᠤᠭᠤᠨ᠎ᠠ᠃ ᠡᠨᠡ ᠪᠣᠯ ᠴᠢᠰᠤᠨ ᠤ ᠲᠤᠳᠤᠷᠠᠭᠢ ᠡᠳ᠋ ᠶᠢ ᠴᠡᠪᠡᠷᠰᠢᠭᠦᠯᠤᠨ᠎ᠡ᠃             ᠬᠠᠷ᠎ᠠ ᠪᠤᠷᠴᠠᠭ ᠭᠦᠷᠭᠦᠮ ᠤᠨ ᠲᠠᠩ        ᠬᠠᠷ᠎ᠠ ᠪᠤᠷᠴᠠᠭ50 ᠺᠷᠠᠮ᠂ ᠬᠠᠷ᠎ᠠ ᠪᠤᠳᠠᠭ᠎ᠠ50 ᠺᠷᠠᠮ᠂ ᠭᠦᠷᠭᠦᠮ3 ᠺᠷᠠᠮ᠂ ᠪᠠᠭ᠎ᠠ ᠬᠡᠮᠵᠢᠶᠡᠨ ᠤ ᠪᠤᠷᠠᠮ ᠨᠡᠮᠡᠷᠢᠯᠡᠵᠤ ᠴᠢᠨᠠᠵᠤ ᠤᠤᠭᠤᠨ᠎ᠠ᠃ ᠡᠨᠡ ᠪᠣᠯ ᠪᠦᠭᠡᠷᠡᠨ ᠲᠠᠮᠢᠷ ᠢ ᠨᠦᠭᠦᠵᠤ᠂ ᠴᠢᠰᠤ ᠶᠢ ᠲᠡᠵᠢᠭᠡᠨ᠎ᠡ᠃
 
ᠢᠷᠡᠯᠲᠡ᠄ ᠠᠯᠠᠱᠠ ᠵᠡᠭᠦᠨ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号