ᠤᠷᠮ᠎ᠠ ᠰᠡᠳᠬᠢᠯᠭᠡ ᠪᠠᠨ ᠶᠠᠭᠠᠬᠢᠵᠤ ᠵᠣᠬᠢᠴᠠᠭᠤᠯᠬᠤ ᠪᠣᠢ︖
ᠨᠡᠶᠢᠲᠡᠯᠡᠭᠰᠡᠨ ᠴᠠᠭ᠄
2022/9/2
      ᠤᠷᠮ᠎ᠠ ᠰᠡᠳᠬᠢᠯᠭᠡ ᠨᠢ ᠦᠷᠭᠦᠯᠵᠢ ᠠᠨᠠᠢ ᠪᠠᠶᠢᠳᠠᠭ ᠪᠤᠶᠤ ᠠᠭᠤᠷ ᠤᠴᠠᠭᠠᠷ ᠶᠡᠬᠡᠲᠡᠢ ᠬᠥᠮᠥᠨ ᠠᠮᠠᠷᠬᠠᠨ ᠰᠡᠳᠬᠢᠯ ᠤᠨ ᠲᠡᠩᠴᠡᠭᠦᠷᠢ ᠪᠠᠨ ᠠᠯᠳᠠᠵᠤ᠂ ᠠᠳᠡᠭᠦᠦ ᠪᠤᠷᠤᠭᠤ ᠶᠠᠪᠤᠳᠠᠯ ᠬᠢᠴᠢᠬᠡᠳᠡᠭ᠃ ᠡᠶᠢᠮᠦ ᠠᠴᠠ ᠲᠠ ᠥᠪᠡᠷ ᠤᠨ ᠠᠭᠤᠷ ᠠᠭᠠᠰᠢ ᠪᠠᠨ ᠳᠠᠷᠤᠵᠤ᠂ ᠴᠢᠳᠠᠬᠤ ᠶᠢᠨ ᠳᠣᠲᠣᠷ᠎ᠠ ᠢᠯᠡᠭᠦᠬᠡᠨ ᠪᠠᠶᠠᠷᠯᠠᠵᠤ᠂ ᠪᠠᠶᠠᠷ ᠬᠦᠷ ᠲᠠᠢ ᠶᠠᠪᠤᠳᠠᠯ ᠢ ᠢᠯᠡᠭᠦᠬᠡᠨ ᠪᠣᠳᠣᠵᠤ᠂ ᠭᠤᠨᠢᠵᠤ ᠵᠣᠪᠠᠭ᠋ᠤ ᠶᠠᠪᠤᠳᠠᠯ ᠢ ᠪᠠᠭ᠎ᠠ ᠰᠢᠭ᠋ ᠪᠣᠳᠣᠭᠠᠷᠠᠢ᠃ ᠵᠢᠵᠢᠭ ᠰᠠᠵᠢᠭ ᠶᠠᠪᠤᠳᠠᠯ ᠳᠤ ᠪᠣᠣ ᠲᠠᠷᠢᠬᠢ ᠲᠣᠯᠣᠭᠠᠢ ᠪᠠᠨ ᠵᠣᠪᠠᠭ᠎ᠠ᠂ ᠪᠤᠰᠤᠳ ᠲᠠᠢ ᠪᠢᠲᠡᠭᠡᠢ ᠠᠲᠠᠭᠠᠷᠬ᠎ᠠ᠃ ᠪᠤᠰᠤᠳ ᠲᠤ ᠨᠠᠶᠢᠷ ᠲᠠᠯᠪᠢᠬᠤ ᠶᠢ ᠰᠤᠷᠴᠤ᠂ ᠬᠥᠮᠥᠨ ᠪᠠ ᠬᠡᠷᠡᠭ ᠤᠴᠢᠷ ᠲᠤ ᠠᠭᠤᠳᠠᠮᠴᠢ ᠪᠠᠷ ᠬᠠᠨᠳᠤᠵᠤ᠂ ᠣᠳᠣᠬᠢ ᠪᠠᠶᠢᠭ᠎ᠠ ᠪᠠᠨ ᠡᠷᠬᠢᠮᠯᠡᠨ ᠨᠠᠨᠳᠢᠩᠨᠠᠵᠤ᠂ ᠨᠢᠳᠦᠨ ᠤ ᠡᠮᠦᠨᠡᠬᠢ ᠬᠢᠬᠦ ᠶᠣᠰᠣᠲᠠᠢ ᠵᠦᠢᠯ ᠢᠶᠠᠨ ᠰᠠᠶᠢᠨ ᠬᠢᠬᠦ ᠠᠴᠠ ᠭᠠᠷᠳᠠᠬᠤ ᠴᠢᠬᠤᠯᠠᠲᠠᠢ ᠶᠤᠮ᠃ ᠤᠷᠮ᠎ᠠ ᠰᠡᠳᠬᠢᠯᠭᠡ ᠮᠠᠭᠤ ᠦᠶᠡᠰ᠂ ᠲᠠ ᠳᠣᠣᠷᠠᠬᠢ ᠮᠡᠲᠦ ᠶᠢᠨ ᠬᠡᠳᠦᠨ ᠠᠷᠭ᠎ᠠ ᠶᠢ ᠲᠤᠷᠰᠢᠵᠤ ᠦᠵᠡᠭᠡᠷᠡᠢ᠃       ᠨᠢᠭᠡ ᠳᠤ᠂ ᠤᠷᠮ᠎ᠠ ᠰᠡᠳᠬᠢᠯᠭᠡ ᠪᠠᠷᠤᠭᠲᠠᠢ ᠦᠶᠡᠰ᠂ ᠥᠪᠡᠷ ᠤᠨ ᠦᠵᠡᠯ ᠰᠠᠨᠠᠭ᠎ᠠ ᠪᠠᠨ ᠤᠷᠮ᠎ᠠ ᠪᠠᠬ᠎ᠠ ᠲᠠᠢ᠂ ᠳᠤᠷ᠎ᠠ ᠰᠣᠨᠢᠷᠬᠠᠯ ᠲᠠᠢ ᠶᠠᠪᠤᠳᠠᠯ ᠳᠤ ᠰᠢᠯᠵᠢᠭᠦᠯᠦᠭᠡᠷᠡᠢ᠃       ᠬᠤᠶᠠᠷ ᠲᠤ᠂ ᠣᠳᠣ ᠶᠢᠨ ᠤᠶᠢᠳᠬᠠᠷ ᠪᠤᠬᠢᠨᠢᠳᠤᠯ ᠢᠶᠠᠨ ᠥᠩᠭᠡᠷᠡᠭᠰᠡᠨ ᠤ ᠭᠤᠨᠢᠭᠲᠤ ᠤᠴᠠᠷᠠᠯ ᠲᠠᠢ ᠪᠠᠨ ᠬᠤᠯᠪᠣᠨ ᠪᠣᠳᠣᠵᠤ᠂ ᠠᠯᠢᠪᠠ ᠭᠤᠨᠢᠭ ᠤᠶᠢᠳᠬᠠᠷ ᠯᠠᠪ ᠥᠩᠭᠡᠷᠡᠨ ᠣᠳᠬᠤ ᠶᠤᠮ ᠭᠡᠳᠡᠭ ᠪᠣᠳᠣᠯ ᠲᠠᠢ ᠪᠠᠶᠢᠪᠠᠯ ᠵᠣᠬᠢᠨ᠎ᠠ᠃       ᠭᠤᠷᠪᠠ ᠳᠤ᠂ ᠬᠡᠷᠡᠭ ᠦᠭᠡᠢ ᠶᠠᠪᠤᠳᠠᠯ ᠢ ᠰᠣᠨᠣᠰᠬᠤ ᠦᠭᠡᠢ᠂ ᠦᠵᠡᠬᠦ ᠦᠭᠡᠢ᠂       ᠲᠡᠭᠦᠨ ᠳᠤ ᠣᠷᠣᠯᠴᠠᠬᠤ ᠦᠭᠡᠢ ᠪᠠᠶᠢᠬᠤ ᠶᠢ ᠠᠩᠬᠠᠷᠴᠤ᠂ ᠥᠪᠡᠷ ᠤᠨ ᠤᠷᠮ᠎ᠠ ᠰᠡᠳᠬᠢᠯᠭᠡ ᠪᠠᠨ ᠨᠥᠯᠥᠭᠡᠯᠡᠬᠦ ᠦᠭᠡᠢ ᠪᠠᠶᠢᠬᠤ ᠶᠢ ᠬᠢᠴᠢᠶᠡᠪᠡᠯ ᠵᠣᠬᠢᠨ᠎ᠠ᠃       ᠳᠥᠷᠪᠡ ᠳᠤ᠂ ᠤᠴᠢᠷ ᠦᠭᠡᠢ ᠠᠭᠤᠷᠯᠠᠬᠤ ᠨᠢ ᠪᠤᠰᠤᠳ ᠤᠨ ᠠᠯᠳᠠᠭ᠎ᠠ ᠪᠤᠷᠤᠭᠤ ᠪᠠᠷ ᠥᠪᠡᠷ ᠢ ᠪᠠᠨ ᠶᠠᠯᠠᠯᠠᠵᠤ ᠪᠠᠶᠢᠬᠤ ᠶᠠᠪᠤᠳᠠᠯ ᠪᠣᠯᠣᠨ᠎ᠠ᠃ ᠪᠤᠰᠤᠳ ᠢ ᠠᠭᠤᠴᠢᠯᠠᠬᠤ ᠨᠢ ᠥᠪᠡᠷ ᠢ ᠪᠠᠨ ᠠᠭᠤᠴᠢᠯᠠᠵᠤ᠂ ᠪᠡᠶ᠎ᠡ ᠳᠡᠭᠡᠨ ᠵᠠᠮ ᠦᠯᠡᠳᠡᠭᠡᠵᠦ ᠪᠠᠶᠢᠬᠤ ᠶᠠᠪᠤᠳᠠᠯ ᠪᠣᠯᠣᠨ᠎ᠠ᠃ ᠡᠶᠢᠮᠦ ᠠᠴᠠ ᠪᠤᠰᠤᠳ ᠬᠥᠮᠥᠨ ᠪᠤᠶᠤ ᠪᠤᠰᠤᠳᠴᠢ ᠣᠷᠣᠰᠢᠵᠤ ᠪᠠᠶᠢᠭ᠎ᠠ ᠬᠡᠷᠡᠭ ᠤᠴᠢᠷ ᠢ ᠠᠭᠤᠴᠢᠯᠠᠨ ᠪᠠᠭᠲᠠᠭᠠᠵᠤ ᠰᠤᠷᠬᠤ ᠴᠢᠬᠤᠯᠠ ᠲᠠᠢ ᠶᠤᠮ᠃       ᠲᠠᠪᠤ ᠳᠤ᠂ ᠥᠪᠡᠷ ᠤᠨ ᠦᠵᠡᠯ ᠰᠠᠨᠠᠭ᠎ᠠ ᠪᠠᠨ ᠴᠢᠯᠦᠭᠡᠯᠡᠵᠦ᠂ ᠥᠭᠡᠷ᠎ᠡ ᠨᠢᠭᠡᠨ ᠬᠠᠷᠠᠴᠠ ᠵᠣᠭᠰᠣᠴᠠ ᠠᠴᠠ ᠠᠰᠠᠭᠤᠳᠠᠯ ᠢ ᠦᠵᠡᠵᠦ ᠰᠤᠷᠬᠤ ᠴᠢᠬᠤᠯᠠ ᠲᠠᠢ᠃ ᠬᠡᠷᠡᠭ ᠤᠴᠢᠷ ᠲᠣᠬᠢᠶᠠᠯᠳᠤᠪᠠᠯ ᠨᠡᠩ ᠥᠨᠳᠥᠷ ᠨᠡᠩ ᠬᠤᠯᠠ ᠬᠠᠷᠠᠴᠠ ᠪᠠᠷ ᠬᠠᠨᠳᠤᠬᠤ ᠬᠡᠷᠡᠭᠲᠡᠢ᠃       ᠵᠢᠷᠭᠤᠭ᠎ᠠ ᠳᠤ᠂ ᠤᠷᠮ᠎ᠠ ᠰᠡᠳᠬᠢᠯᠭᠡ ᠪᠠᠷᠤᠭᠲᠠᠢ ᠦᠶᠡᠰ ᠳᠠᠭᠤᠤ ᠬᠥᠭᠵᠢᠮ ᠰᠣᠨᠣᠰᠬᠤ ᠪᠤᠶᠤ ᠶᠡᠭᠡ ᠳᠠᠭᠤ ᠪᠠᠷ ᠳᠠᠭᠤᠯᠠᠵᠤ ᠬᠠᠰᠬᠢᠷᠴᠤ ᠪᠣᠯᠣᠨ᠎ᠠ᠃       ᠳᠣᠯᠤᠭ᠎ᠠ ᠳᠤ᠂ ᠤᠷᠮ᠎ᠠ ᠰᠡᠳᠬᠢᠯᠭᠡ ᠮᠠᠭᠤ ᠦᠶᠡᠰ ᠡᠳᠦᠷ ᠤᠨ ᠲᠡᠮᠳᠡᠭᠯᠡᠯ ᠪᠢᠴᠢᠬᠦ ᠪᠤᠶᠤ ᠳᠣᠲᠣᠨᠣ ᠨᠠᠶᠢᠵᠠ ᠨᠥᠬᠦᠳ ᠢᠶᠠᠨ ᠡᠷᠢᠵᠦ ᠵᠣᠭᠤᠭᠳᠠᠵᠤ ᠪᠣᠯᠣᠨ᠎ᠠ᠃       ᠢᠩᠭᠢᠬᠦ ᠪᠠᠷ ᠳᠠᠮᠵᠢᠨ ᠲᠠᠨ ᠤ ᠤᠷᠮ᠎ᠠ ᠰᠡᠳᠬᠢᠯᠭᠡ ᠠᠶᠠᠨᠳᠠᠭᠠᠨ ᠬᠡᠪ ᠤᠨ ᠪᠠᠶᠢᠳᠠᠯ ᠳᠠᠭᠠᠨ ᠣᠷᠣᠬᠤ ᠶᠤᠮ᠃
 
ᠢᠷᠡᠯᠲᠡ᠄ ᠠᠯᠠᠱᠠ ᠵᠡᠭᠦᠨ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号