| ᠬᠦᠮᠦᠰ ᠦᠷᠯᠦᠬᠡ ᠪᠤᠰᠤᠩᠭᠤᠳᠠ ᠤᠰᠦ ᠤᠤᠭᠤᠬᠤ ᠨᠢ ᠡᠷᠡᠬᠦᠯ ᠮᠡᠨᠳᠦ ᠳᠤ ᠳᠤᠰᠠᠳᠠᠢ ᠬᠡᠵᠦ ᠦᠵᠡᠳᠡᠭ᠂ | ᠬᠡᠳᠡᠯ᠎ᠡ ᠶᠠᠮᠠᠷ ᠤᠰᠦ ᠤᠤᠭᠤᠪᠠᠯ ᠰᠠᠶᠢᠨ ᠪᠤᠢ ᠬᠡᠳᠡᠭ ᠢ ᠠᠩᠬᠠᠷᠦᠭᠤᠰᠢᠳᠠᠢ ᠶᠤᠮ᠃ | ᠳᠠᠪᠤᠰᠤᠳᠠᠢ ᠤᠰᠦ | ᠵᠠᠷᠢᠮ ᠬᠦᠮᠦᠨ ᠦᠷᠯᠦᠬᠡ ᠪᠤᠰᠤᠩᠭᠤᠳᠠ ᠲᠠᠪᠤᠰᠤᠳᠠᠢ ᠤᠰᠦ ᠤᠤᠭᠤᠪᠠᠯ ᠪᠡᠶᠡᠨ ᠳᠤ ᠰᠠᠶᠢᠨ ᠬᠡᠵᠦ ᠦᠵᠡᠬᠡᠳ | ᠪᠤᠰᠤᠮᠠᠭᠴᠠ ᠳᠠᠪᠤᠰᠤᠳᠠᠢ ᠤᠰᠦ ᠤᠤᠭᠤᠳᠠᠭ᠂ ᠦᠨᠡᠨ ᠳᠡᠭᠡᠨ ᠡᠨᠡ ᠪᠤᠯ ᠪᠤᠷᠦᠭᠤ ᠳᠠᠨᠢᠯᠳᠠ ᠪᠤᠯᠤᠨ᠎ᠠ᠃ ᠳᠠᠪᠤᠰᠦ ᠲᠠᠢ | ᠤᠰᠦ ᠤᠤᠭᠤᠬᠤ ᠨᠢ ᠪᠡᠶ᠎ᠡ ᠶᠢᠨ ᠡᠷᠡᠬᠦᠯ ᠮᠡᠨᠳᠦ ᠳᠤ ᠳᠤᠰᠠᠳᠠᠢ ᠪᠤᠯᠪᠠᠴᠦ᠂ ᠥᠷᠯᠥᠭᠡ ᠪᠤᠰᠤᠮᠠᠭᠴᠠ ᠳᠠᠪᠤᠰᠤ ᠲᠠᠢ ᠤᠰᠤ | ᠤᠤᠭᠤᠬᠤ ᠨᠢ ᠪᠡᠶ᠎ᠡ ᠶᠢᠨ ᠡᠷᠡᠭᠦᠯ ᠮᠠᠨᠳᠦ ᠳᠤ ᠠᠰᠢᠭ ᠦᠬᠡᠢ ᠪᠠᠷ ᠪᠠᠷᠠᠬᠤ ᠦᠬᠡᠢ ᠡᠷᠡᠬᠦᠯ ᠮᠡᠨᠳᠦ ᠶᠢ ᠨᠦᠯᠦᠬᠡᠯᠡᠬᠦ ᠪᠤᠯᠤᠨ᠎ᠠ | ᠃ ᠳᠠᠪᠤᠰᠦ ᠲᠠᠢ ᠤᠰᠦ ᠶᠢ ᠬᠠᠷᠢᠨ ᠶᠡᠭᠡ ᠬᠡᠮᠵᠢᠶᠡᠨ ᠤ ᠬᠦᠯᠦᠰᠦ ᠭᠠᠷᠤᠭᠰᠠᠨ ᠦᠶ᠎ᠡ ᠳᠤ ᠤᠤᠭᠤᠪᠠᠯ ᠬᠦᠯᠦᠰᠦ | ᠭᠠᠷᠤᠭᠰᠠᠨ ᠠᠴᠠ ᠪᠤᠯᠵᠦ ᠠᠯᠳᠠᠭᠳᠠᠭᠰᠠᠨ ᠤᠰᠦ ᠶᠢ ᠨᠦᠬᠦᠪᠤᠷᠢᠯᠡᠳᠡᠭ᠃ | | ᠹᠢᠽᠤᠯᠤᠺᠢ ᠶᠢᠨ ᠰᠤᠳᠤᠯᠭᠠᠳᠠᠨ ᠤ ᠦᠵᠡᠬᠦ ᠪᠠᠷ᠂ ᠬᠦᠮᠦᠨ ᠰᠦᠨᠢ ᠳᠡᠭᠡᠨ ᠤᠨᠳᠠᠵᠦ ᠳᠤᠰᠤᠯ ᠤᠰᠦ ᠴᠦ | ᠤᠤᠭᠤᠳᠠᠭ ᠦᠬᠡᠢ ᠳᠤᠯᠠ ᠠᠮᠢᠰᠬᠤᠬᠤ᠂ ᠬᠦᠯᠦᠰᠦ ᠭᠠᠷᠬᠤ ᠢᠯᠭᠠᠷᠠᠭᠤᠯᠬᠤ ᠪᠠᠷ ᠳᠠᠮᠵᠢᠵᠦ ᠪᠡᠶ᠎ᠡ ᠳᠤᠳᠤᠷᠠᠬᠢ ᠤᠰᠦ | ᠶᠡᠭᠡ ᠬᠡᠮᠵᠢᠶ᠎ᠡ ᠪᠠᠷ ᠬᠤᠷᠤᠭᠳᠠᠳᠠᠭ᠃ | | ᠦᠷᠯᠦᠬᠡ ᠪᠤᠰᠬᠤ ᠦᠶ᠎ᠡ ᠳᠤ᠂ ᠪᠡᠶ᠎ᠡ ᠳᠤᠳᠤᠷᠠᠬᠢ ᠴᠢᠰᠦ ᠨᠢᠬᠡᠨᠳᠡ ᠦᠳᠬᠡᠷᠡᠭᠰᠡᠨ ᠪᠤᠯᠬᠤᠷ ᠵᠤᠬᠢᠬᠤ ᠬᠡᠮᠵᠢᠶᠡᠨ ᠤ | ᠪᠤᠴᠠᠯᠤᠭᠰᠠᠨ ᠤᠰᠦ ᠤᠤᠭᠤᠪᠠᠯ ᠦᠳᠬᠡᠷᠡᠭᠰᠡᠨ ᠴᠢᠰᠦ ᠳᠤᠤᠷ᠎ᠠ ᠪᠠᠨ ᠰᠢᠩᠬᠡᠷᠡᠳᠡᠭ᠃ ᠬᠡᠷᠪᠡ ᠳᠠᠪᠤᠰᠦ ᠲᠠᠢ ᠤᠰᠦ | ᠤᠤᠭᠤᠪᠠᠯ ᠤᠯᠠᠮ ᠤᠮᠳᠠᠭᠠᠰᠤᠭᠤᠯᠬᠤ ᠪᠤᠯᠤᠨ᠎ᠠ᠃ ᠢᠯᠠᠩᠭᠤᠶ᠎ᠠ ᠦᠷᠯᠦᠬᠡ ᠬᠦᠮᠦᠰ ᠤᠨ ᠴᠢᠰᠦᠨ ᠳᠠᠷᠦᠯᠳᠠ ᠮᠠᠰᠢ | ᠦᠨᠳᠦᠷ ᠪᠠᠶᠢᠳᠠᠭ ᠳᠤᠯᠠ ᠳᠠᠪᠤᠰᠦ ᠲᠠᠢ ᠤᠰᠦ ᠤᠤᠭᠤᠪᠠᠯ ᠴᠢᠰᠦᠨ ᠳᠠᠷᠦᠯᠳᠠ ᠶᠢ ᠤᠯᠠᠮ ᠥᠨᠳᠥᠷ ᠪᠣᠯᠭᠠᠵᠤ᠂ | ᠪᠡᠶ᠎ᠡ ᠶᠢᠨ ᠡᠷᠡᠬᠦᠯ ᠮᠠᠨᠳᠦ ᠶᠢ ᠨᠦᠯᠦᠬᠡᠯᠡᠬᠦ ᠪᠤᠯᠤᠨ᠎ᠠ᠃ | | ᠵᠢᠩᠬᠢᠨᠡᠮᠡ ᠬᠦᠢᠳᠡᠨ ᠤᠰᠦ | | ᠤᠯᠠᠩᠬᠢ ᠬᠦᠮᠦᠨ ᠦᠷᠯᠦᠬᠡ ᠪᠤᠰᠤᠩᠭᠤᠳᠠ᠂ ᠢᠯᠠᠩᠭᠤᠶ᠎ᠠ ᠵᠤᠨ ᠤ ᠠᠭᠠᠬᠢᠮ᠎ᠠ ᠬᠠᠯᠠᠭᠤᠨ ᠦᠶ᠎ᠡ ᠳᠤ ᠪᠤᠰᠤᠮᠠᠭᠴᠠ | ᠵᠢᠩᠬᠢᠨᠢᠮᠡ ᠬᠦᠢᠳᠡᠨ ᠤᠰᠦ ᠤᠤᠭᠤᠬᠤ ᠳᠤᠷᠠᠳᠠᠢ ᠶᠤᠮ᠃ ᠦᠨᠡᠨᠳᠡᠬᠡᠨ ᠡᠨᠡ ᠪᠤᠯ ᠮᠠᠰᠢ ᠰᠢᠨᠵᠢᠯᠡᠬᠦ ᠤᠬᠠᠭᠠᠨᠴᠢ ᠪᠤᠰᠦ | ᠠᠵᠢᠯᠯᠠᠭ᠎ᠠ ᠪᠤᠯᠤᠨ᠎ᠠ᠃ ᠮᠦᠨ ᠴᠦ ᠬᠦᠮᠦᠨ ᠤ ᠪᠡᠶ᠎ᠡ ᠶᠢᠨ ᠡᠷᠡᠬᠦᠯ ᠮᠠᠨᠳᠦ ᠳᠤ ᠳᠤᠩ ᠠᠰᠢᠭ ᠦᠬᠡᠢ ᠶᠤᠮ᠃ ᠵᠠᠰᠠᠵᠦ | ᠭᠤᠶᠤᠯᠠᠬᠤ ᠳᠤᠷᠠᠳᠠᠢ ᠡᠮᠡᠭᠳᠡᠶᠢᠴᠦᠳ ᠡᠨᠡ ᠳᠠᠯ᠎ᠠ ᠪᠠᠷ ᠨᠡᠩ ᠠᠩᠬᠠᠷᠬᠤ ᠴᠢᠬᠤᠯᠠᠳᠠᠢ᠃ | | | ᠤᠮᠳᠠᠭᠠᠨ | | ᠦᠷᠯᠦᠬᠡ ᠪᠤᠰᠤᠮᠠᠭᠴᠠ ᠵᠢᠮᠢᠰ ᠤᠨ ᠰᠢᠬᠦᠰᠦ᠂ ᠺᠤᠺᠠ ᠺᠤᠷᠠ᠂ ᠺᠤᠹᠧ᠂ ᠴᠢᠱᠦ᠋ᠢ᠂ ᠦᠨᠢᠶᠡᠨ ᠰᠦ ᠵᠡᠷᠬᠡ | ᠤᠮᠳᠠᠭᠠᠨ ᠢ ᠤᠤᠭᠤᠵᠦ ᠪᠤᠯᠬᠤ ᠦᠬᠡᠢ᠃ ᠺᠤᠺᠠ ᠺᠤᠷᠠ ᠪᠤᠯᠤᠨ ᠴᠢᠱᠦ᠋ᠢ ᠵᠡᠷᠬᠡ ᠨᠡᠬᠦᠷᠡᠰᠦ ᠬᠦᠴᠢᠯ ᠤᠨ ᠴᠢᠨᠠᠷᠳᠠᠢ | ᠤᠮᠳᠠᠭᠠᠨ ᠳᠤ ᠨᠢᠮᠪᠡᠭᠡ ᠶᠢᠨ ᠬᠦᠴᠢᠯ ᠠᠭᠤᠯᠤᠭᠳᠠᠵᠦ ᠪᠠᠶᠢᠬᠤ ᠤᠴᠢᠷ ᠠᠴᠠ ᠰᠢᠨ᠎ᠡ ᠬᠠᠭᠤᠴᠢᠨ ᠤ ᠰᠤᠯᠢᠯᠴᠠᠭᠠᠨ ᠤ | ᠶᠠᠪᠤᠴᠠ ᠳᠤ ᠪᠡᠶ᠎ᠡ ᠳᠤᠳᠤᠷᠠᠬᠢ ᠶᠡᠭᠡ ᠬᠡᠮᠵᠢᠶᠡᠨ ᠤ ᠺᠠᠯᠼ ᠢ ᠭᠠᠳᠠᠭᠰᠢᠯᠠᠭᠤᠯᠵᠦ᠂ ᠴᠢᠰᠦᠨ ᠤ ᠳᠤᠳᠤᠷᠠᠬᠢ ᠺᠠᠯᠼ ᠤᠨ | ᠠᠭᠤᠯᠤᠭᠳᠠᠴᠠ ᠶᠢ ᠪᠠᠭᠤᠷᠠᠭᠤᠯᠵᠦ᠂ ᠤᠳᠠᠭᠠᠨ ᠳᠠᠭᠠᠨ ᠪᠠᠶ᠎ᠡ ᠳᠤᠳᠤᠷᠠᠬᠢ ᠺᠠᠯᠼ ᠢ ᠳᠤᠳᠠᠭᠳᠠᠭᠤᠯᠳᠠᠭ᠃ ᠵᠠᠷᠢᠮ | ᠤᠮᠳᠠᠭᠠᠨ ᠪᠠᠰᠠ ᠰᠢᠬᠡᠰᠦ ᠢᠯᠭᠠᠷᠠᠭᠤᠯᠳᠠᠭ ᠦᠢᠯᠡᠳᠦᠯ ᠲᠠᠢ ᠪᠤᠯᠬᠤᠷ ᠦᠷᠯᠦᠬᠡ ᠪᠤᠰᠤᠮᠠᠭᠴᠠ ᠤᠮᠳᠠᠭᠠᠨ ᠤᠤᠭᠤᠬᠤ ᠨᠢ | ᠪᠡᠶ᠎ᠡ ᠳᠤᠳᠤᠷᠠᠬᠢ ᠠᠯᠳᠠᠭᠳᠠᠭᠰᠠᠨ ᠤᠰᠦ ᠶᠢ ᠨᠦᠬᠦᠪᠤᠷᠢᠯᠡᠵᠦ ᠴᠢᠳᠠᠬᠤ ᠦᠬᠡᠢ ᠪᠠᠷ ᠪᠠᠷᠠᠬᠤ ᠦᠬᠡᠢ᠂ ᠬᠠᠷᠢᠨ ᠤᠯᠠᠮ | ᠤᠮᠳᠠᠭᠠᠰᠤᠭᠤᠯᠵᠦ ᠤᠰᠦ ᠳᠤᠳᠠᠭᠳᠠᠭᠤᠯᠳᠠᠭ᠃ | | ᠵᠢᠮᠢᠰ ᠤᠨ ᠰᠢᠬᠦᠰᠦ᠂ ᠦᠨᠢᠶᠡᠨ ᠰᠦ᠂ ᠺᠤᠹᠧ ᠵᠡᠷᠬᠡ ᠶᠢ ᠪᠠᠰᠠ ᠦᠷᠯᠦᠬᠡ ᠪᠤᠰᠤᠮᠠᠭᠴᠠ ᠦᠯᠦᠨ ᠢᠶᠠᠷ | ᠤᠤᠭᠤᠵᠦ ᠪᠤᠯᠬᠤ ᠦᠬᠡᠢ᠂ ᠤᠴᠢᠷ ᠨᠢ ᠡᠳᠡᠬᠡᠷ ᠤᠮᠳᠠᠭᠠᠨ ᠨᠢ ᠦᠷᠯᠦᠬᠡ ᠳᠡᠭᠡᠨ ᠬᠦᠮᠦᠨ ᠤ ᠪᠡᠶ᠎ᠡ ᠳᠤ ᠳᠤᠯᠭᠠᠮ᠎ᠠ | ᠱᠠᠭᠠᠷᠳᠠᠭᠳᠠᠬᠤ ᠤᠰᠦ ᠶᠢ ᠨᠦᠬᠦᠪᠤᠷᠢᠯᠡᠵᠦ ᠴᠢᠳᠠᠬᠤ ᠦᠬᠡᠢ ᠮᠦᠷᠳᠡᠬᠡᠨ ᠤᠰᠦ ᠳᠤᠳᠠᠭᠳᠠᠵᠦ ᠪᠠᠶᠢᠭ᠎ᠠ ᠪᠠᠶᠢᠳᠠᠯ ᠳᠤ | ᠬᠤᠳᠤᠭᠤᠳᠦ ᠬᠡᠳᠡᠰᠦ ᠶᠢ ᠰᠢᠩᠬᠡᠬᠡᠯᠳᠡ ᠶᠢᠨ ᠠᠵᠢᠯᠯᠭ᠎ᠠ ᠬᠢᠯᠬᠡᠳᠡᠭ ᠳᠤᠯᠠ ᠡᠷᠡᠬᠦᠯ ᠮᠡᠨᠳᠦ ᠳᠤ ᠠᠰᠢᠭ ᠦᠬᠡᠢ ᠶᠤᠮ᠃ | | ᠤᠳᠠᠭᠠᠨ ᠳᠠᠯᠪᠢᠭᠰᠠᠨ ᠪᠤᠴᠠᠯᠤᠭᠰᠠᠨ ᠤᠰᠦ | | ᠪᠤᠴᠠᠯᠤᠭᠰᠠᠨ ᠤᠰᠦ ᠶᠢ ᠤᠳᠠᠭᠠᠨ ᠳᠠᠯᠪᠢᠪᠠᠯ ᠳᠡᠬᠦᠨ ᠤ ᠳᠤᠳᠤᠷᠠᠬᠢ ᠠᠽᠤᠲ ᠤᠨ ᠤᠷᠭᠠᠨᠢᠭ ᠪᠤᠳᠠᠰ ᠨᠢ | ᠠᠽᠤᠲ ᠬᠦᠴᠢᠯ ᠤᠨ ᠳᠠᠪᠤᠰᠦ ᠪᠤᠯᠤᠨ ᠵᠠᠳᠠᠷᠠᠳᠠᠭ᠃ ᠢᠯᠠᠩᠭᠤᠶ᠎ᠠ ᠤᠷᠳᠦ ᠬᠤᠭᠤᠴᠠᠭ᠎ᠠ ᠳᠠᠯᠪᠢᠭᠰᠠᠨ ᠪᠤᠴᠠᠯᠤᠭᠰᠠᠨ | ᠤᠰᠦ ᠨᠢ ᠪᠠᠺᠲ᠋ᠧᠷᠢ ᠳᠤ ᠪᠤᠬᠢᠷᠳᠦᠵᠦ ᠤᠰᠦᠨ ᠳᠤᠳᠤᠷᠠᠬᠢ ᠠᠽᠤᠲ ᠤᠨ ᠤᠷᠭᠠᠨᠢᠭ ᠪᠤᠳᠠᠰ ᠳᠦᠷᠬᠡᠨ ᠵᠠᠳᠠᠷᠠᠵᠦ᠂ ᠨᠡᠩ | ᠠᠷᠪᠢᠨ ᠠᠽᠤᠲ ᠬᠦᠴᠢᠯ ᠤᠨ ᠳᠠᠪᠤᠰᠦ ᠶᠢ ᠪᠤᠢ ᠪᠤᠯᠭᠠᠳᠠᠭ᠃ ᠡᠶᠢᠮᠦ ᠤᠰᠦ ᠶᠢ ᠤᠤᠭᠤᠪᠠᠯ ᠠᠽᠤᠲ ᠬᠦᠴᠢᠯ ᠤᠨ | ᠳᠠᠪᠤᠰᠦ ᠨᠢ ᠴᠢᠰᠦᠨ ᠤ ᠤᠯᠠᠭᠠᠨ ᠤᠭᠤᠷᠠᠭ ᠲᠠᠢ ᠬᠤᠯᠢᠯᠳᠦᠵᠦ ᠴᠢᠰᠦᠨ ᠤ ᠬᠦᠴᠢᠯᠳᠦ᠋ᠷᠦᠭᠴᠢ ᠢᠯᠭᠠᠷᠠᠭᠤᠯᠬᠤ | ᠴᠢᠳᠠᠪᠬᠢ ᠶᠢ | ᠨᠦᠯᠦᠬᠡᠯᠡᠬᠦ ᠪᠤᠯᠤᠨ᠎ᠠ᠃ ᠡᠶᠢᠮᠦ ᠠᠴᠠ ᠨᠠᠩᠬᠤ ᠳᠤᠳᠤᠷ᠎ᠠ ᠤᠳᠠᠭᠠᠨ ᠡᠳᠦᠷ ᠬᠠᠳᠠᠭᠠᠯᠠᠭᠰᠠᠨ ᠤᠰᠦ᠂ ᠤᠯᠠᠨ | ᠤᠳᠠᠭ᠎ᠠ ᠪᠤᠴᠠᠯᠭᠠᠭᠰᠠᠨ ᠤᠰᠦᠨ ᠤ ᠪᠦᠷᠢᠯᠳᠦᠬᠦᠨ ᠳᠤ ᠬᠤᠪᠢᠷᠠᠯᠳᠠ ᠭᠠᠷᠤᠭᠰᠠᠨ ᠳᠤᠯᠠ ᠤᠤᠭᠤᠵᠦ ᠪᠤᠯᠬᠤ ᠦᠬᠡᠢ᠃ | ᠬᠠᠮᠤᠭ ᠤᠨ ᠰᠠᠶᠢᠨ ᠨᠢ ᠨᠢᠬᠡ ᠯᠡ ᠤᠳᠠᠭ᠎ᠠ ᠪᠤᠴᠠᠯᠭᠠᠭᠰᠠᠨ ᠨᠢᠬᠡ ᠬᠤᠨᠤᠭ ᠪᠤᠯᠤᠭ᠎ᠠ ᠦᠬᠡᠢ ᠤᠰᠦ ᠶᠢ ᠤᠤᠭᠤᠪᠠᠯ ᠰᠠᠶᠢᠨ | ᠶᠤᠮ᠃ | | ᠡᠬᠦᠨ ᠠᠴᠠ ᠭᠠᠳᠠᠨ᠎ᠠ᠂ ᠡᠯᠳᠡᠪ ᠵᠦᠢᠯ ᠤᠨ ᠰᠠᠪᠠᠨ ᠳᠤ ᠰᠠᠪᠠᠯᠠᠭᠰᠠᠨ ᠤᠯᠠᠨ ᠳᠦᠷᠦᠯ ᠤᠨ ᠨᠡᠷᠡᠮᠡᠯ ᠤᠰᠦ᠂ | ᠷᠠᠰᠢᠶᠠᠨ ᠤᠰᠦ ᠵᠡᠷᠬᠡ ᠶᠢ ᠤᠳᠠᠭᠠᠨ ᠬᠠᠳᠠᠭᠠᠯᠠᠵᠦ ᠪᠤᠯᠬᠤ ᠦᠬᠡᠢ᠃ ᠠᠮᠠᠰᠠᠷ ᠢ ᠨᠢ ᠨᠡᠬᠡᠬᠡᠳ ᠭᠤᠷᠪᠠᠨ ᠡᠳᠦᠷ ᠠᠴᠠ | ᠬᠡᠳᠦᠷᠡᠭᠰᠡᠨ ᠪᠠᠶᠢᠪᠠᠯ ᠤᠤᠭᠤᠬᠤ ᠪᠠᠨ ᠪᠤᠯᠢᠬᠤ ᠬᠡᠷᠡᠭᠳᠡᠢ᠃ | | ᠳᠦᠬᠡᠬᠡᠯ ᠤᠰᠦ | | ᠵᠠᠷᠢᠮ ᠬᠦᠮᠦᠨ ᠦᠷᠯᠦᠬᠡ ᠪᠤᠰᠤᠮᠠᠭᠴᠠ ᠳᠦᠬᠡᠬᠡᠯ ᠤᠰᠦ ᠶᠢ ᠰᠢᠭᠤᠳ ᠴᠤᠮᠤᠨ ᠳᠤ ᠳᠤᠰᠴᠦ ᠤᠤᠭᠤᠳᠠᠭ | ᠵᠠᠩᠰᠢᠯ ᠲᠠᠢ ᠪᠠᠶᠢᠳᠠᠭ᠃ ᠦᠨᠡᠨ ᠳᠡᠭᠡᠨ ᠡᠨᠡ ᠪᠤᠯ ᠡᠷᠡᠬᠦᠯ ᠮᠡᠨᠳᠦ ᠳᠤ ᠮᠠᠭᠤ ᠶᠤᠮ᠃ ᠤᠴᠢᠷ ᠨᠢ ᠤᠰᠦ ᠳᠠᠮᠵᠢᠭᠤᠯᠬᠤ | ᠬᠤᠭᠤᠯᠠᠢ ᠳᠤ ᠦᠨᠵᠢᠭᠰᠡᠨ ᠳᠦᠬᠡᠬᠡᠯ ᠤᠰᠦ ᠨᠢ ᠨᠢᠬᠡ ᠰᠦᠨᠢ ᠳᠡᠭᠡᠨ ᠳᠦᠬᠡᠬᠡᠯ ᠤᠰᠤ ᠳᠠᠮᠵᠢᠭᠤᠯᠬᠤ ᠳᠡᠮᠦᠷᠯᠢᠭ | ᠬᠤᠭᠤᠯᠠᠢ ᠲᠠᠢ ᠤᠷᠪᠠᠯ ᠡᠬᠦᠰᠴᠦ ᠳᠡᠮᠦᠷᠯᠢᠭ ᠲᠤ ᠪᠤᠬᠢᠷᠳᠤᠭᠳᠠᠭᠰᠠᠨ ᠪᠠᠶᠢᠳᠠᠭ᠃ ᠡᠶᠢᠮᠦ ᠳᠦᠬᠡᠬᠡᠯ ᠤᠰᠦ ᠶᠢ ᠤᠤᠭᠤᠪᠠᠯ | ᠠᠮᠢᠰᠬᠤᠯ ᠤᠨ ᠵᠠᠮ ᠤᠨ ᠬᠠᠯᠳᠠᠪᠤᠷᠢᠳᠦ ᠡᠪᠡᠳᠴᠢᠨ ᠳᠤ ᠨᠡᠷᠪᠡᠭᠳᠡᠬᠦ ᠨᠤᠷᠮ᠎ᠠ ᠶᠢ ᠳᠡᠬᠡᠭᠰᠢᠯᠡᠬᠦᠯᠳᠡᠭ᠃ ᠡᠶᠢᠮᠦ ᠠᠴᠠ᠂ | ᠦᠷᠯᠦᠬᠡ ᠪᠤᠰᠤᠮᠠᠭᠴᠠ ᠳᠦᠬᠡᠬᠡᠯ ᠤᠰᠦ ᠶᠢ ᠰᠢᠭᠤᠳ ᠳᠤᠰᠦᠨ ᠤᠤᠭᠤᠵᠦ ᠪᠤᠯᠬᠤ ᠦᠬᠡᠢ᠃ ᠡᠶᠢᠮᠦ ᠳᠠᠳᠬᠠᠯ ᠲᠠᠢ | ᠬᠦᠮᠦᠰ ᠡᠷᠡᠬᠦᠯ ᠪᠤᠰᠦ ᠳᠠᠳᠬᠠᠯ ᠢᠶᠠᠨ ᠡᠷᠬᠡᠪᠰᠢ ᠦᠬᠡᠷᠡᠴᠢᠯᠡᠬᠦ ᠬᠡᠷᠡᠭᠳᠡᠢ᠃ |