ᠠᠷᠢᠬᠢᠴᠢᠨ ᠠᠷᠢᠬᠢᠨ ᠠᠴᠠ ᠭᠠᠷᠬᠤ ᠠᠷᠭ᠎ᠠ
ᠨᠡᠶᠢᠲᠡᠯᠡᠭᠰᠡᠨ ᠴᠠᠭ᠄
2022/9/2
      ᠠᠷᠢᠬᠢᠨ ᠳᠤ ᠲᠡᠩᠳᠡᠬᠦᠤ ᠣᠷᠣᠵᠦ ᠰᠢᠨᠤᠯᠳᠠᠢ ᠪᠤᠯᠬᠤ ᠨᠢ ᠵᠠᠷᠢᠮ ᠬᠦᠮᠦᠨ  ᠤ ᠰᠡᠳᠬᠢᠯ ᠤᠨ ᠲᠠᠮᠢᠷ ᠠᠨᠠᠢ  ᠠᠴᠠ ᠪᠤᠯᠤᠭᠰᠠᠨ ᠶᠤᠮ᠂ ᠦᠨᠡᠬᠡᠷ ᠣᠣᠭᠤᠬᠤ  ᠶᠢ ᠬᠦᠰᠡᠬᠦ ᠦᠭᠡᠢ ᠶᠤᠮ ᠪᠣᠯ ᠲᠡᠭᠡᠵᠦ ᠰᠢᠨᠤᠭᠰᠠᠨ ᠤ ᠬᠡᠷᠡᠭ ᠠᠯᠠᠭ᠎ᠠ᠃ ᠵᠠᠷᠢᠮ ᠬᠦᠮᠦᠨ ᠠᠷᠢᠬᠢᠨ ᠳᠤ ᠰᠢᠨᠤᠯᠳᠠᠢ ᠪᠤᠯᠤᠭᠠᠳ ︿ᠠᠷᠢᠬᠢᠨ ᠪᠤᠷᠤ﹀ ᠪᠤᠯᠵᠦ᠂ ᠠᠵᠢᠯ ᠦᠢᠯᠡᠰ  ᠢᠶᠠᠨ ᠬᠠᠷᠰᠢᠯᠠᠵᠦ᠂ ᠠᠷᠤ ᠭᠡᠷ ᠠᠶᠢᠯ ᠡᠷᠤᠬᠡ ᠪᠠᠨ ᠲᠦᠢᠪᠡᠭᠡᠵᠦ ᠪᠤᠰᠨᠢᠭᠤᠯᠳᠠᠭ ᠪᠣᠯᠬᠤᠷ ᠮᠡᠷᠭᠡᠵᠢᠯ ᠤᠨ ᠡᠮᠴᠢ᠂ ᠰᠡᠳᠬᠢᠯ ᠵᠦᠢ  ᠶᠢᠨ ᠲᠠᠯ᠎ᠠ ᠪᠠᠷ       ᠲᠡᠭᠦᠨ  ᠢ ᠡᠮᠴᠢᠯᠡᠬᠦ ᠶᠣᠰᠣᠲᠠᠢ᠂ ᠡᠶᠢᠮᠦ ᠬᠥᠮᠥᠨ ᠥᠪᠡᠷ ᠢᠶᠠᠨ ᠠᠷᠢᠬᠢᠨ  ᠠᠴᠠ ᠭᠠᠷᠤᠨ᠎ᠠ ᠭᠡᠵᠦ ᠪᠠᠷᠤᠭ ᠪᠠᠶᠢᠳᠠᠭ ᠦᠭᠡᠢ ᠬᠡᠷᠡᠭ ᠶᠤᠮ᠃        ᠮᠠᠨ  ᠤ ᠤᠳᠤ  ᠶᠢᠨ ᠨᠡᠶᠢᠭᠡᠮ  ᠳᠤ ᠠᠷᠢᠬᠢᠨ ᠳᠤ ᠣᠷᠣᠬᠤ᠂ ᠠᠷᠢᠬᠢᠴᠢᠨ ᠪᠣᠯᠬᠤ᠂ ᠴᠢᠨᠠᠭᠰᠢᠯᠠᠨ ᠠᠷᠢᠬᠢᠨ  ᠳᠤ ᠰᠢᠨᠤᠵᠦ ︿ᠠᠷᠢᠬᠢᠨ ᠪᠤᠷᠤ﹀ ᠪᠤᠯᠬᠤ ᠶᠠᠪᠤᠳᠠᠯ ᠵᠦᠩᠳᠡᠭᠡᠨ ᠭᠠᠷᠴᠦ ᠪᠠᠶᠢᠳᠠᠭ᠃ ᠦᠨᠡᠨ  ᠢ ᠬᠡᠯᠡᠪᠡᠯ᠂ ᠵᠠᠷᠢᠮ ᠬᠦᠮᠦᠨ ᠰᠡᠳᠭᠢᠯ  ᠤᠨ ᠲᠠᠮᠢᠷ ᠠᠨᠠᠢ ᠪᠤᠯᠬᠤᠷ ᠠᠷᠢᠬᠢᠨ  ᠳᠤ ᠠᠮᠠᠷᠬᠠᠨ ᠤᠷᠤᠵᠦ᠂ ᠬᠠᠷᠢᠨ ᠠᠷᠢᠬᠢᠨ ᠠᠴᠠ ᠭᠠᠷᠤᠨ᠎ᠠ ᠭᠡᠳᠡᠭ ᠲᠤᠩ ᠠᠮᠠᠷ ᠦᠭᠡᠢ ᠶᠠᠪᠤᠳᠠᠯ ᠭᠡᠳᠡᠭ ᠢ ᠡᠨᠡ ᠠᠰᠠᠭᠤᠳᠠᠯ  ᠳᠤ ᠲᠤᠯᠭᠠᠷᠠᠵᠤ ᠪᠠᠶᠢᠭᠰᠠᠨ ᠪᠤᠶᠤ ᠲᠤᠯᠭᠠᠷᠠᠭᠠᠳ ᠪᠠᠶᠢᠭ᠎ᠠ ᠬᠥᠮᠥᠰ᠂       ᠲᠡᠷᠡᠴᠢᠯᠡᠨ ᠲᠡᠳᠡᠨ ᠤ ᠭᠡᠷ  ᠤᠨ ᠬᠦᠮᠦᠰ ᠪᠦᠷ ᠲᠤᠳᠤᠷᠬᠠᠢ ᠤᠶᠢᠯᠭᠠᠵᠦ ᠮᠡᠳᠡᠬᠦ ᠶᠤᠮ᠃ ᠡᠨᠡ ᠲᠠᠯ᠎ᠠ  ᠪᠠᠷ ᠪᠦᠭᠦᠳᠡ ᠳᠤ ᠲᠣᠬᠢᠷᠠᠬᠤ ᠰᠠᠶᠢᠨ ᠵᠣᠷ ᠭᠡᠵᠦ ᠪᠠᠶᠢᠳᠠᠭ ᠦᠭᠡᠢ᠃ ᠭᠡᠪᠡᠴᠦ ᠤᠳᠤ ᠠᠷᠢᠬᠢᠨ‌‍ᠳᠣ ᠤᠷᠤᠵᠦ ᠰᠢᠨᠤᠯᠳᠡᠢ ᠪᠤᠯᠤᠭᠰᠠᠨ ᠪᠤᠯᠪᠠᠴᠦ ᠲᠡᠭᠦᠨ ᠠᠴᠠ ᠰᠠᠯᠬᠤ  ᠶᠢ ᠬᠦᠰᠡᠵᠦ ᠪᠠᠶᠢᠭ᠎ᠠ ᠬᠦᠮᠦᠰ  ᠲᠤ ᠨᠢᠭᠡᠨ ᠰᠠᠶᠢᠨ ᠵᠤᠷ᠂ ᠰᠠᠶᠢᠬᠠᠨ ᠠᠷᠭ᠎ᠠ ᠶᠢ ᠶᠠᠷᠢᠵᠦ ᠦᠭᠭᠦᠶ᠎ᠡ᠃ ᠵᠠ᠂ ᠢᠩᠭᠢᠭᠡᠳ ᠠᠷᠢᠬᠢᠨ ᠠᠴᠠ ᠭᠠᠷᠬᠤ  ᠳᠠᠭᠠᠨ ᠶᠠᠭᠤᠨ ᠤ ᠡᠮᠦᠨ᠎ᠡ᠄       ᠥᠪᠡᠷ ᠲᠤ ᠴᠢᠨᠢ ᠲᠤᠬᠢᠶᠠᠯᠳᠤᠭᠰᠠᠨ ᠵᠦᠢᠯᠡᠰ᠂ ᠣᠷᠴᠢᠨ ᠠᠬᠤᠢ  ᠶᠢᠨ ᠪᠣᠳᠠᠲᠠᠢ ᠪᠠᠶᠢᠳᠠᠯ  ᠳᠤ ᠵᠦᠪ  ᠢᠶᠠᠷ ᠬᠠᠨᠳᠤᠬᠤ ᠬᠡᠷᠡᠭᠳᠡᠢ᠃ ᠥᠭᠡᠷ᠎ᠡ ᠪᠠᠷ ᠬᠡᠯᠡᠪᠡᠯ᠂ ᠡᠷᠡᠭᠦᠯ ᠬᠥᠮᠥᠨ ᠤ ᠡᠷᠡᠭᠦᠯ ᠰᠠᠷᠠᠭᠤᠯ ᠤᠬᠠᠭᠠᠨ ᠲᠠᠢ ᠪᠠᠶᠢᠬᠤ ᠬᠡᠷᠡᠭᠳᠡᠢ᠂ ᠶᠠᠮᠠᠷ ᠨᠢᠭᠡᠨ ᠪᠡᠷᠬᠡ ᠲᠦᠪᠡᠭ ᠲᠠᠢ ᠠᠰᠠᠭᠤᠳᠠᠯ  ᠳᠤ ᠲᠤᠯᠭᠠᠮᠳᠠᠪᠠᠯ ᠪᠤᠳᠠᠳᠠᠢ  ᠶᠢ ᠡᠷᠬᠢᠮᠯᠡᠬᠦ ᠤᠪᠤᠷ  ᠢᠶᠠᠷ ᠶᠠᠭᠠᠬᠢᠵᠦ ᠰᠢᠢᠳᠪᠤᠷᠢᠯᠡᠬᠦ  ᠶᠢ ᠪᠤᠳᠤᠯᠬᠢᠯᠠᠬᠤ ᠶᠤᠰᠤᠳᠠᠢ᠂ ᠪᠡᠷᠬᠡ  ᠶᠢᠨ ᠡᠮᠤᠨ᠎ᠡ ᠪᠠᠯᠳᠠᠵᠦ ᠪᠡᠷᠬᠡᠰᠢᠶᠡᠵᠦ ᠪᠤᠯᠬᠤ ᠦᠭᠡᠢ᠃ ᠰᠡᠳᠭᠢᠯ ᠎ ᠢᠶᠠᠷ  ᠢᠶᠠᠨ ᠤᠨᠠᠭᠰᠠᠭᠠᠷ ᠠᠷᠢᠬᠢ  ᠶᠢ ᠪᠢᠳᠡᠭᠡᠢ ᠪᠤᠳᠤ᠂ ᠠᠭ᠎ᠠ  ᠶᠢᠨ ᠬᠦᠤ ᠠᠵᠢᠯ  ᠳᠤ ᠬᠠᠷᠰᠢ ᠪᠤᠯᠬᠤ  ᠠᠴᠠ ᠪᠢᠰᠢ ᠲᠤᠰᠠ ᠪᠤᠯᠬᠤ ᠦᠭᠡᠢ ᠶᠤᠮ᠂ ᠬᠠᠷᠢᠨ ᠵᠠᠪᠠᠯ ᠠᠪᠤ  ᠶᠢᠨ ᠬᠦᠤ ᠠᠭ᠎ᠠ  ᠶᠢᠨ ᠬᠦᠤ  ᠶᠢ ᠲᠠᠷᠤᠵᠦ ᠭᠠᠷᠬᠤ ᠢᠳᠡᠭᠡᠯ ᠵᠤᠷᠢᠭ ᠂ ᠡᠷᠡᠭᠦᠯ ᠤᠬᠠᠭᠠᠨ ᠲᠠᠢ ᠪᠠᠶᠢᠬᠤ ᠬᠡᠷᠡᠭᠳᠡᠢ᠃        
 
ᠢᠷᠡᠯᠲᠡ᠄ ᠠᠯᠠᠱᠠ ᠵᠡᠭᠦᠨ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号