ᠺᠤᠮᠫᠢᠦ᠋ᠲ᠋ᠧᠷ ᠭᠡᠷᠡᠭᠯᠠᠬᠦ  ᠳᠤ ᠠᠩᠬᠠᠷᠬᠤ ᠵᠦᠢᠯ
ᠨᠡᠶᠢᠲᠡᠯᠡᠭᠰᠡᠨ ᠴᠠᠭ᠄
2022/9/2
      ᠡᠳᠤᠷ ᠲᠤᠳᠤᠮ ᠤᠨ ᠺᠤᠮᠫᠢᠦ᠋ᠲ᠋ᠧᠷ ᠤᠨ ᠭᠡᠷᠡᠭᠯᠡᠭᠡᠨ ᠤ ᠲᠤᠮᠳᠠ ᠡᠶᠢᠮᠤ ᠲᠠᠶᠢᠮᠤ ᠠᠰᠠᠭᠤᠳᠠᠯ ᠲᠤᠯᠭᠠᠷᠠᠬᠤ ᠨᠢ ᠵᠠᠶᠢᠯᠠᠰᠢ ᠦᠭᠡᠢ᠂ ᠵᠢᠱᠢᠶᠠᠯᠠᠪᠠᠯ ᠸᠢᠷᠦ᠋ᠰ ᠬᠠᠯᠳᠠᠪᠤᠷᠢᠯᠠᠬᠤ᠂ ᠺᠤᠮᠫᠢᠦ᠋ᠲ᠋ᠧᠷ ᠤᠨ ᠬᠤᠷᠳᠤᠴᠠ ᠤᠳᠠᠭᠠᠰᠢᠷᠠᠬᠤ ᠵᠡᠷᠭᠡ᠃ ᠲᠤᠤᠷ᠎ᠠ ᠺᠤᠮᠫᠢᠦ᠋ᠲ᠋ᠧᠷ ᠭᠡᠷᠡᠭᠯᠡᠬᠦ ᠳᠤ ᠠᠩᠬᠠᠷᠬᠤ ᠵᠦᠢᠯ ᠠᠴᠠ ᠭᠡᠳᠤ ᠶᠢ ᠲᠠᠨᠢᠯᠴᠠᠭᠤᠯᠦᠶ᠎ᠠ᠄       1. u ᠲᠠᠪᠠᠭ ᠵᠠᠯᠭᠠᠬᠤ ᠦᠶ᠎ᠠ ᠳᠤ ᠵᠠᠪᠠᠯ ᠸᠢᠷᠦ᠋ᠰ ᠬᠠᠯᠳᠠᠪᠤᠷᠢᠯᠠᠬᠤ ᠶᠢ ᠰᠡᠷᠭᠡᠶᠢᠯᠠᠬᠦ ᠵᠦᠭᠡᠯᠡᠨ ᠲᠤᠨᠤᠭ ᠢᠶᠠᠷ ᠸᠢᠷᠦ᠋ᠰ ᠤᠨ ᠪᠠᠶᠢᠴᠠᠭᠠᠯᠳᠠ ᠬᠢᠬᠦ ᠭᠡᠷᠡᠭᠳᠠᠢ᠂ ᠤᠴᠢᠷ ᠨᠢ ᠸᠢᠷᠦ᠋ᠰ ᠤᠨ ᠬᠠᠯᠳᠠᠪᠤᠷᠢᠯᠠᠯ ᠲᠤᠳᠤᠷ᠎ᠠ u ᠲᠠᠪᠠᠭ ᠢᠶᠠᠷ ᠲᠠᠮᠵᠢᠬᠤ ᠨᠤᠷᠮ᠎ᠠ ᠨᠢ ᠲᠤᠩ ᠦᠨᠳᠤᠷ ᠪᠠᠶᠢᠳᠠᠭ᠃        2. ᠸᠢᠷᠦ᠋ᠰ ᠬᠠᠯᠳᠠᠪᠤᠷᠢᠯᠠᠬᠤ ᠶᠢ ᠰᠠᠷᠭᠡᠶᠢᠯᠠᠬᠦ ᠵᠦᠭᠡᠯᠡᠨ ᠲᠤᠨᠤᠭ ᠵᠠᠪᠠᠯ ᠤᠭᠰᠠᠷᠠᠵᠤ᠂ ᠲᠤᠭᠳᠠᠭᠰᠠᠨ ᠬᠤᠭᠤᠴᠠᠭᠠᠨ ᠳᠤ ᠸᠢᠷᠦ᠋ᠰ ᠤᠨ ᠪᠠᠶᠢᠴᠠᠭᠠᠯᠳᠠ ᠬᠢᠵᠤ ᠪᠠᠶᠢᠭᠠᠷᠠᠢ᠃        3. ᠰᠦᠯᠵᠢᠶᠠᠨ ᠲᠠᠭᠡᠷ᠎ᠠ ᠠᠴᠠ ᠵᠦᠭᠡᠯᠡᠨ ᠲᠤᠨᠤᠭ ᠪᠠᠭᠤᠯᠭᠠᠬᠤ ᠳᠠᠭᠠᠨ ᠲᠤᠮᠤ᠂ ᠨᠠᠶᠢᠳᠠᠪᠤᠷᠢᠳᠠᠢ ᠰᠦᠯᠵᠢᠶᠠᠨ ᠎ ᠠᠴᠠ ᠪᠠᠭᠤᠯᠭᠠᠭᠠᠷᠠᠢ᠃ ᠪᠠᠰᠠ ᠭᠡᠳᠤᠷᠭᠡᠢ ᠠᠷᠪᠢᠨ ᠵᠦᠭᠡᠯᠡᠨ ᠲᠤᠨᠤᠭ ᠤᠭᠰᠠᠷᠠᠵᠤ ᠪᠤᠯᠬᠤ ᠦᠭᠡᠢ᠃        4. ᠭᠠᠷᠠᠭ ᠲᠤ ᠨᠢᠭᠡ ᠤᠳᠠᠭ᠎ᠠ ᠺᠤᠮᠫᠢᠦ᠋ᠲ᠋ᠧᠷ ᠤᠨ ᠨᠤᠪᠰᠢ ᠪᠠᠨ ᠴᠠᠪᠡᠷᠯᠡᠵᠤ ᠠᠷᠢᠯᠭᠠᠨ᠎ᠠ᠂ ᠢᠩᠬᠢᠬᠦ ᠨᠢ ᠺᠤᠮᠫᠢᠦ᠋ᠲ᠋ᠧᠷ ᠤᠨ ᠬᠤᠷᠳᠤᠴᠠ ᠤᠳᠠᠭᠠᠰᠢᠷᠠᠬᠤ ᠠᠴᠠ ᠰᠠᠷᠭᠡᠶᠢᠯᠠᠵᠤ ᠪᠤᠯᠤᠨ᠎ᠠ᠃       5. ᠺᠤᠮᠫᠢᠦ᠋ᠲ᠋ᠧᠷ ᠤᠨ ᠮᠠᠰᠢᠨ ᠤ ᠲᠤᠳᠤᠷᠠᠬᠢ ᠬᠤᠭ ᠲᠤᠭᠤᠰᠤ ᠶᠢ ᠴᠠᠪᠡᠷᠯᠡᠵᠤ ᠠᠷᠢᠯᠭᠠᠬᠤ ᠭᠡᠷᠡᠭᠳᠠᠢ᠂ ᠵᠢᠱᠢᠶᠠᠯᠠᠪᠠᠯ cpu᠎ ᠶᠢᠨ ᠲᠡᠭᠡᠷᠡᠬᠢ ᠰᠠᠯᠬᠢᠨ ᠬᠦᠷᠳᠤ ᠲᠠᠭᠡᠷ᠎ᠠ ᠲᠤᠩ ᠠᠮᠠᠷᠬᠠᠨ ᠲᠤᠭᠤᠰᠤ ᠰᠠᠭᠤᠵᠤ᠂ ᠡᠨᠡ ᠲᠤᠭᠤᠰᠤ ᠨᠢ ᠡᠳᠤᠷ ᠤᠨ ᠤᠳᠠᠭᠠᠨ ᠳᠠᠭᠠᠨ ᠤᠯᠠᠮ ᠠᠴᠠ ᠤᠯᠠᠮ ᠵᠤᠵᠠᠭᠠᠨ ᠪᠤᠯᠪᠠᠯ cpu᠎ ᠶᠢᠨ ᠬᠠᠯᠠᠭᠤᠨ ᠢ ᠬᠦᠷᠦᠭᠡᠬᠦ ᠴᠢᠳᠠᠪᠤᠷᠢ ᠶᠢ ᠲᠤᠷᠤᠭᠰᠢᠯᠠᠭᠤᠯᠤᠨ᠎ᠠ᠃ cpu᠎ ᠨᠢ ᠭᠡᠳᠤᠷᠭᠡᠢ ᠬᠠᠯᠠᠪᠠᠯ ᠺᠤᠮᠫᠢᠦ᠋ᠲ᠋ᠧᠷ ᠨᠡᠭᠡᠭᠡᠭᠳᠡᠬᠦ ᠦᠭᠡᠢ ᠵᠡᠷᠭᠡ ᠤᠴᠢᠷ ᠭᠠᠷᠤᠨ᠎ᠠ᠃       6. ᠮᠠᠲ᠋ᠧᠷᠢᠶᠠᠯ᠂ ᠵᠦᠭᠡᠯᠡᠨ ᠲᠤᠨᠤᠭ ᠵᠡᠷᠭᠡ ᠪᠠᠨ ᠰᠠᠶᠢᠬᠠᠨ ᠠᠩᠬᠢᠯᠠᠵᠤ ᠲᠠᠯᠪᠢᠭᠠᠷᠠᠢ᠂ ᠢᠩᠬᠢᠬᠦ ᠳᠤ ᠬᠠᠮᠢᠶᠠᠷᠬᠤ ᠳᠤ ᠠᠮᠠᠷᠬᠠᠨ᠂ ᠭᠡᠷᠡᠭ ᠦᠭᠡᠢ ᠵᠦᠢᠯᠠᠰ ᠺᠤᠮᠫᠢᠦ᠋ᠲ᠋ᠧᠷ ᠲᠡᠭᠡᠷ᠎ᠠ ᠴᠢᠨᠢ ᠦᠯᠡᠳᠡᠬᠦ ᠠᠴᠠ ᠵᠠᠶᠢᠯᠠᠰᠬᠢᠵᠤ ᠴᠢᠳᠠᠨ᠎ᠠ
 
ᠢᠷᠡᠯᠲᠡ᠄ ᠠᠯᠠᠱᠠ ᠵᠡᠭᠦᠨ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号