ᠬᠦᠮᠦᠨ ᠶᠠᠭᠤᠨ ᠳᠤ ᠵᠠᠬᠦᠳᠦᠯᠡᠳᠡᠭ ᠪᠤᠢ
ᠨᠡᠶᠢᠲᠡᠯᠡᠭᠰᠡᠨ ᠴᠠᠭ᠄
2022/9/2
       ᠵᠠᠬᠦᠳᠤ ᠪᠤᠯ ᠬᠠᠮᠤᠭ ᠤᠨ ᠨᠢᠭᠤᠴᠠ ᠲᠠᠯᠳᠠ ᠮᠦᠷᠳᠡᠭᠡᠨ ᠬᠠᠮᠤᠭ ᠤᠨ ᠡᠩ ᠤᠨ ᠹᠢᠽᠢᠤᠯᠤᠬᠢ ᠶᠢᠨ ᠦᠵᠡᠭᠳᠡᠯ ᠮᠦᠨ᠃ ᠬᠦᠮᠦᠨ ᠵᠠᠬᠦᠳᠤᠯᠠᠬᠦ ᠳᠤ ᠶᠠᠭ ᠨᠢᠭᠡᠨ ᠰᠤᠨᠢᠬᠠᠨ ᠰᠢᠨ᠎ᠠ ᠶᠢᠷᠳᠢᠨᠴᠤ ᠳᠤ ᠤᠷᠤᠭᠰᠠᠨ ᠰᠢᠬ ᠪᠤᠯᠳᠠᠭ᠃ ᠦᠩᠭᠡᠷᠡᠭᠰᠡᠨ ᠳᠤ ᠬᠦᠮᠦᠨ ᠵᠠᠬᠦᠳᠤᠯᠠᠬᠦ ᠶᠢᠨ ᠰᠢᠯᠳᠠᠭᠠᠨ ᠢ ᠲᠠᠮᠠᠢ ᠤᠢᠢᠯᠠᠭᠠᠬᠤ ᠦᠭᠡᠢ ᠪᠠᠶᠢᠭᠰᠠᠨ ᠠᠴᠠ ᠵᠡᠬᠦᠳᠤ ᠶᠢ ᠦᠷᠬᠦᠯᠵᠢ ᠬᠦᠮᠦᠨ ᠤ ᠬᠤᠪᠢ ᠲᠠᠪᠢᠯᠠᠩ ᠲᠠᠢ ᠬᠤᠯᠪᠤᠨ ᠰᠤᠨᠢᠨ ᠰᠠᠪᠡᠬᠦᠨ ᠤᠳᠬ᠎ᠠ ᠰᠠᠨᠠᠭ᠎ᠠ ᠲᠠᠢ ᠪᠤᠯᠭᠠᠳᠠᠭ᠃        ᠤᠳᠤ ᠰᠢᠨᠵᠢᠯᠠᠬᠦ ᠤᠬᠠᠭᠠᠨᠳᠠᠨ ᠬᠦᠮᠦᠨ ᠤᠨᠳᠠᠭᠰᠠᠨ ᠬᠤᠶᠢᠨ᠎ᠠ ᠶᠡᠭᠡ ᠲᠠᠷᠢᠬᠢᠨ ᠤ ᠶᠠᠭᠡᠩᠬᠢ ᠬᠦᠷᠦᠰᠦᠯᠢᠭ ᠲᠠᠪᠬᠤᠷᠭ᠎ᠠ ᠪᠦᠷ ᠠᠮᠠᠷᠠᠴᠢᠬᠠᠳᠠᠭ ᠪᠤᠯᠪᠠᠴᠤ ᠪᠠᠰᠠ ᠨᠢᠭᠡ ᠪᠦᠯᠦᠭ ᠬᠦᠷᠦᠰᠦᠯᠢᠭ ᠲᠠᠪᠬᠤᠷᠭ᠎ᠠ ᠨᠢ ᠮᠦᠨ ᠬᠦᠭᠡᠷᠦᠯᠳᠡ ᠶᠢᠨ ᠪᠠᠶᠢᠳᠠᠯ ᠳᠠᠭᠠᠨ ᠪᠠᠶᠢᠳᠠᠭ᠂ ᠶᠠᠭ ᠡᠶᠢᠮᠤ ᠰᠢᠯᠳᠠᠭᠠᠨ ᠠᠴᠠ ᠬᠦᠮᠦᠨ ᠤ ᠲᠠᠷᠢᠬᠢᠨ ᠳᠤ ᠵᠠᠬᠦᠳᠤ ᠪᠤᠢ ᠪᠤᠯᠳᠠᠭ ᠢ ᠮᠡᠳᠡᠵᠠᠢ᠃       ᠵᠡᠬᠦᠳᠤᠨ ᠤ ᠰᠤᠨᠢᠨ ᠰᠠᠪᠡᠬᠦᠨ ᠪᠠᠶᠢᠳᠠᠭ ᠤᠨ ᠤᠴᠢᠷ ᠨᠢ ᠵᠠᠬᠦᠳᠤᠨ ᠳᠤ ᠲᠤᠩ ᠰᠤᠨᠢᠨ ᠵᠢᠭᠳᠡᠢ ᠠᠭᠤᠯᠭ᠎ᠠ ᠢᠯᠡᠷᠡᠳᠡᠭ ᠠᠴᠠ ᠪᠤᠯᠵᠠᠢ᠃ ᠡᠳᠡᠭᠡᠷ ᠨᠢ ᠶᠠᠭᠠᠬᠢᠭᠠᠳ ᠪᠤᠢ ᠪᠤᠯᠤᠭᠰᠠᠨ ᠪᠤᠢ︖ ᠲᠠᠷᠠ ᠨᠢ ᠡᠳᠤᠷ ᠤᠨ ᠠᠮᠢᠳᠤᠷᠠᠯ ᠠᠴᠠ ᠰᠠᠯᠬᠤ ᠨᠢ ᠯᠠᠪᠳᠠᠢ᠃ ᠶᠠᠮᠠᠷ ᠰᠤᠨᠢᠨ ᠵᠢᠭᠳᠡᠢ ᠵᠠᠬᠦᠳᠦᠯᠡᠭᠰᠡᠨ ᠴᠤ ᠬᠠᠮᠢᠶ᠎ᠠ ᠦᠭᠡᠢ᠂ ᠪᠤᠳᠠᠳᠤ ᠠᠮᠢᠳᠤᠷᠠᠯ ᠤᠨ ᠤᠯᠠ ᠮᠦᠷ ᠎ ᠨᠢ ᠵᠠᠪᠠᠯ ᠢᠯᠡᠷᠡᠬᠦ ᠶᠤᠮ᠃       ᠵᠠᠷᠢᠮ ᠵᠡᠬᠦᠳᠤ ᠦᠪᠡᠷ ᠤᠨ ᠬᠢᠨᠢ ᠦᠩᠭᠡᠷᠡᠯᠳᠡ ᠶᠢᠨ ᠵᠡᠷᠢᠮ ᠨᠢᠭᠡ ᠬᠦᠨ ᠰᠠᠭᠤᠭᠳᠠᠯ ᠲᠠᠢ ᠤᠴᠢᠷ ᠤᠳ ᠲᠠᠢ ᠨᠢᠬᠳᠠ ᠬᠤᠯᠪᠤᠭ᠎ᠠ ᠲᠠᠢ ᠪᠠᠶᠢᠳᠠᠭ᠃ ᠵᠡᠬᠦᠳᠦᠯᠡᠬᠦ ᠶᠢᠨ ᠨᠦᠬᠦᠭᠡ ᠨᠢᠭᠡ ᠰᠢᠯᠳᠠᠭᠠᠨ ᠨᠢ ᠬᠦᠰᠡᠯ ᠡᠷᠡᠮᠡᠯᠵᠠᠯ ᠪᠤᠯᠤᠨ᠎ᠠ᠃ ᠶᠠᠮᠠᠷ ᠨᠢᠭᠡᠨ ᠠᠪᠤᠶ᠎ᠠ ᠦᠵᠡᠶ᠎ᠠ ᠭᠡᠰᠡᠨ ᠵᠦᠢᠯ ᠵᠠᠬᠦᠳᠤᠨ ᠳᠤ ᠴᠢᠨᠢ ᠪᠠᠶᠠᠯᠠᠵᠤ ᠪᠠᠶᠢᠳᠠᠭ᠃ ᠡᠰᠡᠬᠦᠯ᠎ᠠ ᠷᠤᠮᠠᠨ ᠲᠧᠯᠸᠢᠰ ᠺᠢᠨᠤ᠋ ᠵᠡᠷᠭᠡ ᠶᠢᠨ ᠵᠠᠷᠢᠮ ᠨᠢᠭᠡ ᠤᠴᠢᠷ ᠶᠠᠪᠤᠳᠠᠯ ᠤᠨ ᠨᠦᠯᠦᠭᠡ ᠶᠢ ᠬᠦᠷᠳᠡᠭᠰᠡᠨ ᠠᠴᠠ ᠴᠤ ᠪᠤᠯᠵᠤ ᠮᠡᠳᠡᠨ᠎ᠠ᠃ ᠪᠠᠰᠠ       ᠵᠠᠷᠢᠮ ᠵᠠᠬᠦᠳᠤ ᠨᠢ ᠡᠪ ᠦᠭᠡᠢ ᠤᠨᠳᠠᠯᠭ᠎ᠠ ᠶᠢᠨ ᠪᠠᠶᠢᠳᠠᠯ ᠪᠠ ᠪᠠᠶ᠎ᠠ ᠶᠢᠨ ᠴᠤᠴᠠᠷᠬᠠᠯ ᠵᠡᠷᠭᠡ ᠠᠴᠠ ᠪᠤᠯᠳᠠᠭ᠃        ᠶᠠᠷᠢᠶᠠᠨ ᠦᠭᠡᠢ ᠵᠠᠬᠦᠳᠦᠯᠡᠬᠦ ᠶᠢᠨ ᠨᠦᠬᠦᠴᠡᠯ ᠰᠢᠯᠳᠠᠭᠠᠨ ᠤᠯᠠᠨ ᠪᠤᠢ᠃ ᠵᠠᠷᠢᠮ ᠢ ᠨᠢ ᠰᠢᠨᠵᠢᠯᠡᠬᠦ ᠤᠬᠠᠭᠠᠨᠳᠠᠨ ᠤᠳᠤ ᠪᠤᠯᠳᠠᠯ᠎ᠠ ᠲᠤᠳᠤᠷᠬᠠᠢ ᠮᠡᠳᠡᠭᠡᠳᠤᠢ ᠪᠠᠶᠢᠭᠰᠠᠭᠠᠷ᠃
 
ᠢᠷᠡᠯᠲᠡ᠄ ᠠᠯᠠᠱᠠ ᠵᠡᠭᠦᠨ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号