ᠡᠮᠡᠭᠳᠡᠢ ᠬᠦᠮᠦᠨ ᠤ ᠵᠤᠭᠤᠰ ᠶᠡᠭᠡ ᠤᠯᠳᠠᠭ ᠠᠵᠢᠯ ᠳᠦᠷᠦᠯ
ᠨᠡᠶᠢᠲᠡᠯᠡᠭᠰᠡᠨ ᠴᠠᠭ᠄
2022/9/2
       ᠨᠢᠭᠡ᠂ ᠤᠯᠠᠨ ᠨᠠᠶᠢᠳᠡ ᠶᠢᠨ ᠬᠠᠷᠢᠴᠠᠭᠠᠨ ᠤ ᠠᠵᠢᠯᠳᠠᠨ                      ᠤᠯᠠᠨ ᠨᠡᠶᠢᠳᠡ ᠶᠢᠨ ᠬᠠᠷᠢᠴᠠᠭᠠᠨ ᠤ ᠠᠵᠢᠯ ᠪᠤᠯ ᠡᠮᠡᠭᠳᠡᠶᠢᠴᠤᠳ ᠤᠨ ᠤᠳᠤᠮᠰᠢᠯᠳᠤ ᠳᠠᠪᠠᠭᠤᠯᠢᠭ ᠠᠵᠢᠯ ᠳᠦᠷᠦᠯ ᠪᠤᠯᠤᠨ᠎ᠠ᠃ ᠮᠦᠨᠴᠤ ᠤᠳᠤ ᠦᠶ᠎ᠡ ᠶᠢᠨ ᠨᠡᠶᠢᠭᠡᠮ ᠤᠨ ᠠᠵᠤ ᠠᠬᠤᠢ ᠶᠢᠨ ᠠᠮᠢᠳᠤᠷᠠᠯ ᠳᠤᠮᠳᠠᠬᠢ ᠨᠢᠭᠡ ᠳᠦᠷᠦᠯ ᠤᠨ ᠴᠢᠬᠤᠯᠠ ᠰᠢᠨᠵᠢᠯᠡᠭᠡ ᠰᠤᠳᠤᠯᠤᠯ ᠪᠤᠯᠬᠤ ᠶᠤᠮ᠃ ᠤᠯᠠᠮᠵᠢᠯᠠᠯᠳᠤ ᠳᠠᠯ᠎ᠠ ᠠᠴᠠ ᠠᠪᠤᠭᠠᠳ ᠭᠡᠯᠡᠪᠡᠯ ᠡᠮᠡᠭᠳᠡᠶᠢᠴᠤᠳ ᠤᠨ ᠭᠡᠯᠡᠵᠤ ᠢᠯᠡᠳᠭᠡᠬᠦ ᠴᠢᠳᠠᠪᠤᠷᠢ᠂ ᠬᠠᠷᠢᠴᠠᠵᠤ ᠶᠠᠪᠤᠯᠴᠠᠬᠤ ᠴᠢᠳᠠᠪᠤᠷᠢ᠂ ᠵᠤᠬᠢᠴᠠᠭᠤᠯᠵᠤ ᠳᠤᠬᠢᠷᠠᠭᠤᠯᠬᠤ ᠴᠢᠳᠠᠪᠤᠷᠢ ᠵᠡᠷᠭᠡ ᠨᠢ ᠤᠯᠠᠨ ᠨᠡᠶᠢᠳᠡ ᠶᠢᠨ ᠬᠠᠷᠢᠴᠠᠭᠠᠨ ᠤ ᠳᠠᠯ᠎ᠠ ᠪᠠᠷ ᠡᠷᠡᠭᠳᠡᠶᠢᠴᠤᠳ ᠠᠴᠠ ᠳᠠᠪᠠᠭᠤᠯᠢᠭ ᠪᠠᠶᠢᠳᠠᠭ ᠪᠦᠭᠡᠳ ᠬᠠᠶᠢᠷ᠎ᠠ ᠰᠡᠳᠬᠢᠯᠭᠡ ᠪᠠᠷ ᠪᠢᠯᠬᠠᠮ᠎ᠠ ᠪᠠᠶᠢᠳᠠᠭ᠃ ᠦᠷᠢᠰᠦᠯᠳᠦᠭᠡᠨ ᠤᠯᠠᠮ ᠢᠶᠠᠷ ᠬᠤᠷᠴᠠ ᠰᠢᠷᠦᠬᠦᠨ ᠪᠤᠯᠵᠤ ᠪᠠᠶᠢᠭ᠎ᠠ ᠮᠡᠳᠡᠯᠭᠡ ᠶᠢᠨ ᠠᠵᠤ ᠠᠬᠤᠢ ᠶᠢᠨ ᠴᠠᠭ ᠦᠶ᠎ᠡ᠂ ᠳᠡᠯᠡᠭᠡᠶᠢᠵᠢᠭᠰᠡᠨ ᠠᠵᠤ ᠠᠬᠤᠢ ᠶᠢᠨ ᠴᠠᠭ ᠦᠶ᠎ᠡ ᠳᠤ ᠤᠯᠠᠨ ᠨᠡᠶᠢᠳᠡ ᠶᠢᠨ ᠬᠠᠷᠢᠴᠠᠭᠠᠨ ᠤ ᠠᠵᠢᠯ ᠤᠯᠠᠮ ᠢᠶᠠᠷ ᠴᠢᠬᠤᠯᠠ ᠪᠤᠯᠵᠤ᠂ ᠤᠬᠠᠭᠠᠨ ᠴᠢᠳᠠᠪᠤᠷᠢ ᠲᠠᠢ ᠤᠯᠠᠨ ᠨᠡᠶᠢᠳᠡ ᠶᠢᠨ ᠬᠠᠷᠢᠴᠠᠭᠠᠨ ᠤ ᠠᠪᠠᠭ᠋ᠠᠶᠢᠴᠤᠤᠯ ᠳᠡᠯᠡᠭᠡᠢ ᠶᠢᠨ ᠡᠯ᠎ᠡ ᠭᠠᠵᠠᠷ ᠢᠶᠠᠷ ᠨᠠᠰᠢ ᠴᠠᠰᠢ ᠰᠦᠯᠵᠢᠯᠳᠤᠨ᠂ ᠠᠵᠢᠯᠯᠠᠵᠤ ᠪᠠᠶᠢᠭ᠎ᠠ ᠳᠤᠮᠤ ᠺᠤᠮᠫᠠᠨᠢ ᠪᠠᠨ ᠤᠬᠠᠭᠤᠯᠬᠤ᠂ ᠳᠤᠰᠬᠠᠢ ᠪᠤᠯᠪᠠᠰᠤᠷᠯ ᠬᠢᠬᠦ᠂ ᠠᠵᠤ ᠠᠬᠤᠢᠢᠯᠠᠯ ᠤᠨ ᠪᠠᠶᠢᠯᠳᠤᠬᠤ ᠪᠤᠳᠤᠯᠭ᠎ᠠ ᠶᠢᠨ ᠯᠠᠪᠯᠠᠯᠳᠠ ᠬᠢᠬᠦ᠂ ᠴᠢᠨᠠᠭᠰᠢᠯᠠᠨ ᠵᠠᠰᠠᠭ ᠤᠨ ᠣᠷᠳᠤᠨ ᠲᠠᠢ ᠬᠠᠷᠢᠴᠠᠭ᠎ᠠ ᠬᠤᠯᠪᠤᠭ᠎ᠠ ᠠᠪᠬᠤ ᠵᠡᠷᠭᠡ ᠠᠵᠢᠯ ᠡᠬᠦᠷᠭᠡ ᠶᠢ ᠬᠢᠯᠠᠯᠵᠠᠮ᠎ᠠ ᠬᠦᠢᠴᠡᠳᠭᠡᠨ᠂ ᠬᠦᠮᠦᠰ ᠤᠨ ᠪᠢᠰᠢᠷᠡᠯ ᠢ ᠤᠯᠤᠭᠰᠠᠨ ᠴᠠᠭᠠᠨ ᠵᠠᠭᠠᠮᠠᠳᠠᠨ ᠪᠤᠯᠤᠭᠠᠳ ᠪᠠᠶᠢᠨ᠎ᠠ᠃                      ᠬᠤᠶᠠᠷ᠂ ᠬᠦᠮᠦᠨ ᠤ ᠬᠦᠴᠤᠨ ᠤ ᠡᠬᠢ ᠪᠠᠶᠠᠯᠢᠭ ᠤᠨ ᠮᠡᠷᠭᠡᠵᠢᠯᠳᠡᠨ                      ᠭᠠᠳᠠᠭᠠᠳᠤ ᠤᠯᠤᠰ ᠲᠤ ᠪᠤᠯ ᠵᠠᠰᠠᠭ ᠵᠠᠬᠢᠷᠭᠠᠨ ᠤ ᠵᠠᠬᠢᠷᠤᠯ ᠭᠡᠵᠤ ᠪᠠᠶᠢᠳᠠᠭ ᠦᠭᠡᠢ᠂ ᠵᠦᠪᠭᠡᠨ ᠠᠵᠢᠯᠳᠠᠨ ᠤ ᠶᠠᠪᠤᠳᠠᠯ ᠢ ᠬᠠᠮᠢᠶᠠᠷᠬᠤ ᠵᠠᠬᠢᠷᠤᠯ ᠪᠠᠶᠢᠳᠠᠭ᠂ ᠳᠡᠷᠡ ᠨᠢ ᠳᠤᠰᠬᠠᠢᠢᠯᠠᠨ ᠺᠤᠮᠫᠠᠨᠢ ᠶᠢᠨ ᠵᠠᠰᠠᠭ ᠵᠠᠬᠢᠷᠭᠠᠨ ᠤ ᠭᠡᠷᠡᠭ ᠶᠠᠪᠤᠳᠠᠯ ᠢ ᠬᠠᠷᠢᠭᠤᠴᠠᠵᠤ᠂ ᠠᠵᠢᠯᠳᠠᠨ ᠤ ᠳᠤᠬᠢᠷᠠᠭᠤᠯᠤᠯᠳᠠ᠂ ᠠᠵᠢᠯᠳᠠᠨ ᠠᠵᠢᠯᠴᠢᠨ ᠢ ᠬᠢᠨᠠᠨ ᠰᠢᠯᠭᠠᠵᠤ ᠳᠠᠪᠳᠠᠨ ᠪᠤᠯᠪᠠᠰᠤᠷᠠᠭᠤᠯᠬᠤ ᠂ ᠺᠤᠮᠫᠠᠨᠢ ᠶᠢᠨ ᠠᠵᠢᠯᠳᠠᠨ ᠤ ᠶᠠᠪᠤᠳᠠᠯ ᠤᠨ ᠳᠦᠷᠢᠮ ᠳᠤᠭᠳᠠᠭᠠᠯ ᠢ ᠳᠤᠭᠳᠠᠭᠠᠬᠤ᠂ ᠠᠰᠢᠭ ᠬᠤᠨᠵᠢᠪᠤᠷᠢ ᠶᠢ ᠬᠤᠪᠢᠷᠢᠶᠠᠯᠠᠬᠤ ᠳᠦᠷᠢᠮ ᠵᠡᠷᠭᠡ ᠶᠢ ᠬᠠᠮᠢᠶᠠᠷᠳᠠᠭ ᠪᠦᠭᠡᠳ ᠰᠢᠭᠤᠳ ᠶᠡᠷᠦᠩᠭᠡᠢ ᠵᠠᠬᠢᠷᠤᠯ ᠳᠠᠭᠠᠨ ᠬᠠᠷᠢᠭᠤᠴᠠᠳᠠᠭ᠃ ᠮᠠᠨ ᠤ ᠤᠯᠤᠰ ᠤᠨ ᠳᠤᠳᠤᠭᠠᠳᠤ ᠳᠤ ᠴᠤ ᠳᠦᠷᠢᠮ ᠤᠨ ᠦᠭᠡᠷᠡᠴᠢᠯᠡᠯᠳᠡ ᠪᠤᠯᠤᠨ ᠠᠵᠤ ᠠᠬᠤᠢ ᠶᠢᠨ ᠨᠡᠭᠡᠭᠡᠯᠳᠡ ᠶᠢᠨ ᠬᠦᠨᠵᠡᠭᠡᠶᠢᠷᠡᠬᠦ ᠶᠢ ᠳᠠᠭᠠᠯᠳᠤᠨ ᠬᠦᠮᠦᠨ ᠤ ᠬᠦᠴᠤᠨ ᠤ ᠡᠬᠢ ᠪᠠᠶᠠᠯᠢᠭ ᠤᠨ ᠨᠡᠭᠡᠭᠡᠨ ᠠᠰᠢᠭᠯᠠᠯᠳᠠ ᠪᠠ ᠬᠠᠮᠢᠶᠠᠷᠤᠯᠳᠠ ᠤᠯᠠᠮ ᠢᠶᠠᠷ ᠴᠢᠬᠤᠯᠠᠴᠢᠯᠠᠭᠳᠠᠵᠤ᠂ ᠤᠳᠤ ᠦᠶ᠎ᠡ ᠶᠢᠨ ᠠᠵᠤ ᠠᠬᠤᠢᠢᠯᠠᠯ ᠤᠨ ᠬᠠᠮᠤᠭ ᠴᠢᠬᠤᠯᠠ ᠵᠦᠢᠯ ᠨᠢ ᠪᠡᠯᠡ        ᠣᠷᠤᠭᠤᠯᠤᠯᠳᠠ ᠤᠨ ᠬᠦᠴᠤᠨ ᠪᠢᠰᠢ᠂ ᠬᠠᠷᠢᠨ ᠨᠢᠭᠡ ᠪᠦᠯᠦᠭ ᠮᠡᠳᠡᠯᠭᠡ ᠴᠢᠳᠠᠪᠤᠷᠢ ᠲᠠᠢ ᠪᠦᠭᠡᠳ ᠠᠵᠤ ᠠᠬᠤᠢᠢᠯᠠᠯ ᠲᠠᠢ ᠬᠤᠪᠢ ᠵᠠᠶᠠᠭ᠎ᠠ ᠪᠠᠨ ᠬᠤᠯᠪᠤᠭᠰᠠᠨ ᠠᠵᠢᠯᠳᠠᠨ ᠠᠵᠢᠯᠴᠢᠨ ᠲᠠᠢ ᠪᠠᠶᠢᠬᠤ ᠡᠰᠡᠬᠦ ᠪᠤᠯᠤᠭᠠᠳ ᠪᠤᠢ᠃ ᠡᠬᠦᠨ ᠤ ᠤᠯᠠᠮ ᠠᠴᠠ ᠡᠮᠡᠭᠳᠡᠶᠢᠴᠤᠳ ᠤᠨ ᠬᠠᠶᠢᠷ᠎ᠠ ᠰᠡᠳᠬᠢᠯᠭᠡ ᠶᠢᠨ ᠬᠦᠴᠤᠨ ᠪᠤᠯᠤᠨ ᠣᠷᠢᠶᠠᠯᠠᠨ ᠳᠠᠭᠠᠭᠤᠯᠬᠤ ᠬᠦᠴᠤᠨ ᠎ ᠨᠢ ᠠᠵᠢᠯᠳᠠᠨ ᠤ ᠶᠠᠪᠤᠳᠠᠯ ᠤᠨ ᠵᠠᠬᠢᠷᠤᠯ ᠤᠨ ᠠᠵᠢᠯ ᠳᠤ ᠤᠯᠠᠮ ᠢᠶᠠᠷ ᠵᠤᠬᠢᠴᠠᠬᠤ ᠪᠤᠯᠤᠭᠰᠠᠨ ᠪᠠᠶᠢᠨ᠎ᠠ᠃                                    ᠭᠤᠷᠪᠠ᠂  ᠰᠤᠳᠤᠨ ᠳᠠᠮᠢᠷᠴᠢᠳ                            ᠡᠷᠡᠭᠳᠡᠢ ᠰᠤᠳᠤᠨ ᠳᠠᠮᠢᠷᠴᠢᠳ ᠪᠠᠶᠢᠬᠤ ᠪᠠᠷ ᠪᠠᠷᠠᠬᠤ ᠦᠭᠡᠢ ᠡᠮᠡᠭᠳᠡᠢ ᠰᠤᠳᠤᠨ ᠳᠠᠮᠢᠷᠴᠢᠳ ᠴᠤ ᠪᠠᠶᠢᠳᠠᠭ᠃ ᠳᠡᠷᠡ ᠮᠦᠷᠳᠡᠭᠡᠨ ᠡᠨᠡᠬᠦ ᠠᠵᠢᠯ ᠳᠦᠷᠦᠯ ᠢ ᠦᠭᠡᠷ᠎ᠠ ᠡᠩ ᠤᠨ ᠬᠦᠮᠦᠨ ᠳᠡᠮᠡᠴᠡᠯᠳᠦᠬᠦ ᠶᠢᠨ ᠠᠷᠭ᠎ᠠ ᠦᠭᠡᠢ᠃ ᠬᠢᠮᠨᠡᠰᠲ᠋ᠢᠺ᠂ ᠤᠮᠪᠠᠯᠳᠠ᠂ ᠤᠰᠤᠨ ᠳᠤ ᠬᠠᠷᠠᠶᠢᠬᠤ ᠵᠡᠷᠭᠡ ᠪᠤᠯ ᠡᠮᠡᠭᠳᠡᠶᠢᠴᠤᠳ ᠤᠨ ᠬᠠᠯᠠᠮᠰᠢᠯ ᠬᠦᠳᠡᠯᠭᠡᠭᠡᠨ ᠪᠤᠯᠬᠤ ᠪᠦᠭᠡᠳ ᠬᠤᠶᠢᠰᠢᠳᠠ ᠶᠢᠨ ᠭᠡᠳᠤᠨ ᠵᠢᠯ ᠳᠤ ᠬᠠᠯᠠᠮᠰᠢᠯ ᠢᠶᠠᠨ ᠠᠯᠳᠠᠬᠤ ᠦᠭᠡᠢ᠃ ᠡᠳᠡᠭᠡᠷ ᠡᠮᠡᠭᠳᠡᠶᠢᠴᠤᠳ ᠤᠨ ᠡᠩ ᠤᠨ ᠬᠦᠷᠳᠡᠭᠡᠮᠵᠢ ᠶᠢ ᠡᠷᠡᠭᠳᠡᠢ ᠬᠦᠯ ᠪᠦᠮᠪᠦᠭᠡᠴᠢᠨ ᠤ ᠬᠦᠷᠳᠡᠭᠡᠮᠵᠢ ᠲᠠᠢ ᠠᠳᠠᠯᠢᠳᠬᠠᠪᠠᠯ ᠵᠤᠬᠢᠬᠤ ᠵᠦᠷᠢᠶ᠎ᠠ ᠲᠠᠢ ᠪᠠᠶᠢᠳᠠᠭ ᠴᠤ ᠳᠡᠯᠡᠭᠡᠢ ᠶᠢᠨ ᠭᠡᠪᠴᠢᠶᠠᠨ ᠤ ᠱᠠᠩᠨᠠᠯ ᠭᠠᠷᠳᠠᠪᠠᠯ ᠺᠯᠦ᠋ᠪ ᠠᠴᠠ ᠱᠠᠩᠨᠠᠯ ᠤᠨ ᠮᠦᠡᠭᠬᠦ ᠤᠯᠭᠤᠬᠤ ᠠᠴᠠ ᠭᠠᠳᠠᠨ᠎ᠠ ᠤᠯᠤᠰ ᠤᠨ ᠪᠡᠶ᠎ᠡ ᠳᠠᠮᠢᠷ ᠤᠨ ᠶᠡᠷᠦᠩᠭᠡᠢ ᠳᠤᠪᠴᠢᠶ᠎ᠠ ᠠᠴᠠ 10᠎ ᠠᠴᠠ 20 ᠳᠦᠮᠡᠨ ᠳᠦᠬᠦᠷᠢᠭ ᠢᠶᠠᠷ ᠱᠠᠩᠨᠠᠵᠤ᠂ ᠪᠠᠰᠠ ᠡᠯ᠎ᠡ ᠠᠵᠤ ᠠᠬᠤᠢᠢᠯᠠᠯ ᠠᠴᠠ ᠢᠪᠡᠭᠡᠨ ᠳᠡᠳᠭᠦᠭᠦ ᠪᠤᠶᠤ ᠱᠠᠩᠨᠠᠵᠥ᠂ ᠱᠠᠩᠨᠠᠯ ᠤᠨ ᠮᠦᠡᠭᠬᠦ ᠨᠢ ᠭᠡᠳᠤᠨ ᠠᠷᠪᠠᠨ ᠳᠦᠮᠡᠨ ᠳᠦᠬᠦᠷᠢᠭ ᠎ ᠠᠴᠠ ᠵᠠᠭᠤᠨ ᠳᠦᠮᠡᠨ ᠳᠦᠬᠦᠷᠢᠭ ᠲᠤ ᠬᠦᠷᠳᠡᠭ᠃ ᠳᠡᠬᠦᠨᠴᠢᠯᠡᠨ ᠨᠡᠷ᠎ᠠ ᠠᠯᠳᠠᠷ ᠮᠠᠨᠳᠤᠬᠤ ᠶᠢ ᠳᠠᠭᠠᠯᠳᠤᠨ ᠡᠯ᠎ᠡ ᠵᠦᠢᠯ ᠤᠨ ᠵᠠᠷ ᠮᠡᠳᠡᠭᠡᠨ ᠤ ᠬᠠᠷᠠᠮᠵᠢ ᠨᠢ ᠱᠠᠩᠨᠠᠯ ᠤᠨ ᠮᠦᠡᠭᠬᠦ ᠠᠴᠠ ᠳᠠᠪᠠᠳᠠᠭ ᠪᠠᠶᠢᠨ᠎ᠠ᠃ ᠭᠡᠬᠦ ᠳᠤ ᠡᠨᠡᠬᠦ ᠠᠵᠢᠯ ᠳᠦᠷᠦᠯ ᠢ ᠬᠢᠭᠴᠢᠳ ᠤᠨ ᠤᠯᠠᠨ ᠤ ᠳᠦᠷᠦᠬᠦᠤ ᠳᠦᠮᠡᠨ ᠤ ᠮᠠᠩᠯᠠᠢ ᠪᠤᠯᠬᠤ ᠨᠢ ᠳᠤᠭᠠᠳᠠᠢ ᠭᠡᠳᠤᠨ ᠬᠦᠮᠦᠨ ᠪᠤᠯᠬᠤ ᠨᠢ ᠶᠠᠷᠢᠶᠠᠨ ᠦᠭᠡᠢ᠃                      ᠳᠦᠷᠪᠡ᠂ ᠺᠢᠨᠤ᠋ ᠲᠧᠯᠸᠢᠰ ᠵᠦᠴᠦᠭᠡ ᠶᠢᠨ ᠤᠳᠤᠨ ᠳᠤᠭᠯᠠᠭᠴᠢᠳ                          ᠺᠢᠨᠤ᠋ ᠲᠧᠯᠸᠢᠰ ᠵᠦᠴᠦᠭᠡ ᠶᠢᠨ ᠤᠳᠤᠨ ᠳᠤᠭᠯᠠᠭᠴᠢᠳ ᠢ ᠶᠠᠷᠢᠬᠤ ᠦᠭᠡᠢ ᠴᠤ ᠤᠯᠠᠨ ᠢᠶᠠᠷ ᠢᠶᠠᠷ ᠪᠦᠷ ᠮᠡᠳᠡᠨ᠎ᠡ᠃ ᠡᠷᠡᠭᠳᠡᠢ ᠡᠮᠡᠭᠳᠡᠢ ᠵᠠᠯᠠᠭᠤᠴᠤᠳ ᠪᠦᠷ ᠤᠳᠤᠨ ᠳᠤᠭᠯᠠᠭᠴᠢᠳ ᠢ ᠪᠠᠭ᠋ᠠᠷᠬᠠᠨ ᠪᠢᠰᠢᠷᠡᠳᠡᠭ᠃ ᠤᠳᠤᠨ ᠳᠤᠭᠯᠠᠭᠴᠢᠳ ᠵᠢᠯ ᠳᠤᠵᠢ ᠪᠠᠷ ᠤᠯᠤᠰ ᠤᠨ ᠳᠤᠳᠤᠭᠠᠳᠤ ᠭᠠᠳᠠᠭᠠᠳᠤ ᠪᠠᠷ ᠨᠠᠰᠢ ᠴᠠᠰᠢ ᠳᠠᠪᠬᠢᠯᠳᠤᠵᠤ᠂ ᠡᠯ᠎ᠠ ᠳᠠᠯᠠᠪᠤᠷ ᠲᠤ ᠳᠠᠭᠤᠯᠠᠵᠤ ᠪᠦᠵᠢᠭᠯᠡᠨ ᠳᠤᠭᠠᠯᠠᠰᠢ ᠦᠭᠡᠢ ᠤᠯᠠᠨ ᠬᠦᠮᠦᠨ ᠤ ᠪᠠᠭ᠋ᠠᠷᠬᠠᠯ ᠢ ᠳᠠᠳᠠᠳᠠᠭ᠃ ᠳᠡᠳᠡᠨ ᠤ ᠢᠯᠡ ᠣᠷᠤᠯᠭ᠎ᠠ ᠨᠢ ᠬᠠᠮᠤᠭ ᠦᠨᠳᠦᠷ ᠪᠢᠰᠢ ᠪᠤᠯᠪᠠᠴᠤ ᠳᠠᠯᠳᠠ ᠣᠷᠤᠯᠭ᠎ᠠ ᠶᠢ ᠨᠢ ᠦᠭᠡᠷ᠎ᠡ ᠪᠤᠰᠤᠳ ᠲᠠᠢ ᠠᠳᠠᠯᠢᠳᠬᠠᠬᠤ ᠶᠢᠨ ᠠᠷᠭ᠎ᠠ ᠦᠭᠡᠢ᠃ ᠳᠡᠳᠡ ᠵᠠᠷᠢᠮ ᠳᠠᠭᠠᠨ ᠳᠤᠭᠯᠠᠯᠳᠠ ᠭᠠᠷᠭᠠᠨ᠎ᠠ᠂ ᠵᠠᠷᠢᠮ ᠳᠠᠭᠠᠨ ᠭᠠᠶᠢᠯᠢ ᠠᠴᠠ ᠵᠠᠶᠢᠯᠠᠨ᠎ᠠ᠂ ᠵᠠᠷᠢᠮ ᠳᠠᠭᠠᠨ ᠵᠠᠷ ᠮᠡᠳᠡᠭᠡ ᠬᠢᠵᠤ ᠵᠤᠭᠤᠰ ᠮᠦᠡᠭᠬᠦ ᠤᠯᠳᠠᠭ ᠪᠤᠯᠬᠤᠷ ᠳᠡᠳᠡᠨ ᠤ ᠦᠨᠡᠨ ᠪᠤᠳᠠᠳᠠᠢ ᠣᠷᠤᠯᠭ᠎ᠠ ᠨᠢ ᠴᠤᠬᠤᠮ ᠭᠡᠳᠦᠢ ᠪᠠᠶᠢᠳᠠᠭ ᠢ ᠳᠦᠰᠦᠭᠡᠯᠡᠬᠦ ᠶᠢᠨ ᠠᠷᠭ᠎ᠠ ᠦᠭᠡᠢ᠃ ᠰᠤᠨᠢᠨ ᠮᠡᠳᠡᠭᠡᠨ ᠤ ᠵᠠᠭᠤᠴᠢᠯᠠᠭᠤᠷ ᠤᠨ ᠬᠢᠨ ᠵᠦᠪᠭᠡᠨ ᠳᠡᠳᠡᠨ ᠤ ᠭᠡᠭᠡᠨᠴᠢᠷ ᠣᠷᠤᠨ ᠰᠠᠭᠤᠴᠠ᠂ ᠨᠡᠷᠡᠳᠤ ᠮᠠᠰᠢᠨ ᠳᠡᠷᠭᠡ ᠶᠢ ᠯᠡ ᠤᠯᠵᠤ ᠬᠠᠷᠠᠭᠰᠠᠨ ᠪᠠᠶᠢᠳᠠᠭ᠃        ᠠᠳᠡ ᠰᠠᠨᠠᠭᠤᠯᠬᠤ ᠨᠢ᠄ ᠺᠢᠨᠤ᠋ ᠲᠧᠯᠸᠢᠰ ᠵᠦᠴᠦᠭᠡ ᠶᠢᠨ ᠤᠳᠤᠨ ᠳᠤᠭᠯᠠᠭᠴᠢ ᠪᠤᠯᠬᠤ ᠨᠢ ᠬᠠᠷᠢᠨ ᠳᠤᠭᠠᠳᠠᠢ ᠭᠡᠳᠤᠨ ᠬᠦᠮᠦᠨ ᠪᠠᠶᠢᠳᠠᠭ ᠰᠢᠦ᠃                      ᠳᠠᠪᠤ᠂ ᠳᠠᠩᠰᠠᠯᠠᠭᠤᠯᠤᠭᠰᠠᠨ ᠨᠢᠭᠳᠠᠯᠠᠨ ᠪᠤᠳᠤᠬᠤ ᠮᠡᠷᠭᠡᠵᠢᠯᠳᠡᠨ                      ᠨᠢᠭᠳᠠᠯᠠᠨ ᠪᠤᠳᠤᠬᠤ ᠮᠡᠷᠭᠡᠵᠢᠯᠳᠡᠨ ᠪᠤᠯ ᠡᠷᠡᠭᠳᠡᠶᠢᠴᠤᠳ ᠲᠠᠢ ᠦᠷᠢᠰᠦᠯᠳᠦᠬᠦ ᠠᠵᠢᠯ ᠳᠦᠷᠦᠯ ᠪᠤᠯᠤᠨ᠎ᠠ᠃ ᠭᠡᠳᠦ᠋ᠢᠪᠡᠷ ᠤᠳᠤᠬᠠᠨ ᠳᠤ ᠡᠷᠡᠭᠳᠡᠢ ᠡᠮᠡᠭᠳᠡᠢ ᠨᠢᠭᠳᠠᠯᠠᠨ ᠪᠤᠳᠤᠬᠤ ᠮᠡᠷᠭᠡᠵᠢᠳᠡᠨ ᠤ ᠬᠠᠷᠢᠴᠠᠯ ᠦᠨᠳᠦᠰᠦᠨ ᠳᠡᠭᠡᠨ ᠲᠡᠩᠴᠡᠬᠦᠤ ᠪᠠᠶᠢᠵᠤ᠂ ᠡᠮᠡᠭᠳᠡᠶᠢᠴᠤᠳ ᠬᠠᠭᠠᠰ ᠢ ᠡᠵᠡᠯᠡᠵᠤ ᠪᠠᠶᠢᠬᠤ ᠪᠤᠯᠪᠠᠴᠤ ᠬᠦᠭᠵᠢᠯᠳᠡ ᠶᠢᠨ ᠣᠷᠤᠨ ᠵᠠᠢ ᠶᠡᠭᠡ ᠪᠠᠶᠢᠭᠰᠠᠭᠠᠷ᠃ ᠣᠷᠴᠢᠮ ᠤᠨ ᠭᠡᠳᠤᠨ ᠵᠢᠯ ᠤᠨ ᠨᠢᠭᠳᠠᠯᠠᠨ ᠪᠤᠳᠤᠬᠤ ᠮᠡᠷᠭᠡᠵᠢᠯᠳᠡᠨ ᠢ ᠰᠢᠯᠭᠠᠨ ᠳᠠᠩᠰᠠᠯᠠᠭᠰᠠᠨ ᠳᠤᠭ᠎ᠠ ᠪᠠᠷᠢᠮᠳᠠ ᠨᠢ ᠬᠦᠭᠵᠢᠯᠳᠡ ᠶᠢᠨ ᠣᠷᠤᠨ ᠵᠠᠢ ᠶᠡᠭᠡ ᠪᠠᠶᠢᠭ᠎ᠠ ᠶᠢ ᠬᠠᠷᠠᠭᠤᠯᠵᠤ ᠪᠠᠶᠢᠭ᠎ᠠ ᠶᠤᠮ᠃ 2001 ᠤᠨ ᠳᠤ ᠡᠯ᠎ᠡ        ᠬᠢᠴᠢᠶᠡᠯ ᠳᠦᠷᠦᠯ ᠤᠨ ᠰᠢᠯᠭᠠᠯᠳᠠ ᠬᠢᠭᠰᠡᠨ ᠳᠤ᠂ ᠨᠢᠭᠳᠠᠯᠠᠨ ᠪᠤᠳᠤᠬᠴᠢ ᠤᠨ ᠳᠦᠷᠦᠯ ᠤᠨ ᠬᠢᠷᠢ ᠲᠡᠩᠴᠡᠭᠰᠡᠨ ᠨᠤᠷᠮ᠎ᠠ 5. 7%᠂ ᠬᠢᠨᠠᠨ ᠪᠤᠳᠤᠭᠴᠢ ᠤᠨ ᠳᠦᠷᠦᠯ ᠤᠨ ᠬᠢᠷᠢ ᠳᠡᠩᠴᠡᠭᠰᠡᠨ ᠨᠤᠷᠮ᠎ᠠ 13.6%᠂ ᠡᠳ᠋ ᠤᠨ ᠶᠠᠪᠤᠳᠠᠯ ᠤᠨ ᠳᠦᠷᠦᠯ ᠤᠨ ᠬᠢᠷᠢ ᠳᠡᠩᠴᠡᠭᠰᠡᠨ ᠨᠤᠷᠮ᠎ᠠ 9.27%᠂ ᠠᠵᠤ ᠠᠬᠤᠢ ᠶᠢᠨ ᠬᠠᠤᠯᠢ ᠶᠢᠨ ᠳᠦᠷᠦᠯ ᠤᠨ ᠬᠢᠷᠢ ᠳᠡᠩᠴᠡᠭᠰᠡᠨ ᠨᠤᠷᠮ᠎ᠡ 7.96%᠂ ᠭᠠᠶᠢᠯᠢ ᠶᠢᠨ ᠬᠠᠤᠯᠢ ᠶᠢᠨ ᠳᠦᠷᠦᠯ ᠤᠨ ᠬᠢᠷᠢ ᠳᠡᠩᠴᠡᠭᠰᠡᠨ ᠨᠤᠷᠮ᠎ᠠ 6.81%᠎ ᠲᠤ ᠬᠦᠷᠴᠤ᠂ ᠳᠠᠪᠤᠨ ᠳᠦᠷᠦᠯ ᠢ ᠨᠢᠭᠡ ᠯᠡ ᠳᠤᠤᠷ᠎ᠠ ᠬᠢᠷᠢ ᠳᠡᠭᠴᠡᠭᠰᠡᠨ ᠨᠤᠷᠮ᠎ᠡ ᠰᠠᠢᠢ 0.36%᠎ ᠲᠤ ᠬᠦᠷᠦᠭᠰᠡᠨ ᠪᠠᠶᠢᠨ᠎ᠠ᠃ ᠡᠨᠡ ᠨᠢ        ᠤᠯᠤᠰ ᠠᠴᠠ ᠨᠢᠭᠳᠠᠯᠠᠨ ᠪᠤᠳᠤᠬᠤ ᠮᠡᠷᠭᠡᠵᠢᠯᠳᠡᠨ ᠤ ᠴᠢᠨᠠᠷ ᠢ ᠴᠢᠩᠭ᠎ᠠ ᠠᠳᠬᠤᠵᠤ ᠪᠠᠶᠢᠭ᠎ᠠ ᠶᠢ ᠬᠠᠷᠠᠭᠤᠯᠵᠤ ᠪᠠᠶᠢᠭ᠎ᠠ ᠪᠦᠭᠡᠳ ᠵᠢᠩᠬᠢᠨᠢ ᠪᠠᠷ ᠳᠠᠩᠰᠠᠯᠠᠭᠤᠯᠤᠭᠰᠠᠨ ᠮᠡᠳᠡᠯᠭᠡ ᠴᠢᠳᠠᠪᠤᠷᠢ ᠲᠠᠢ ᠨᠢᠭᠳᠠᠯᠠᠨ ᠪᠤᠳᠤᠬᠤ ᠮᠡᠷᠭᠡᠵᠢᠯᠳᠠᠨ ᠬᠤᠪᠤᠷ ᠴᠤᠬᠠᠭ ᠪᠠᠶᠢᠭ᠎ᠠ ᠶᠢ ᠢᠯᠡᠷᠡᠬᠦᠯᠵᠤ ᠪᠠᠶᠢᠭ᠎ᠠ ᠶᠤᠮ᠃                      ᠵᠢᠷᠭᠤᠭ᠎ᠠ᠂ ᠳᠠᠭᠠᠳᠬᠠᠯ ᠤᠨ ᠵᠠᠭᠤᠴᠢᠯᠠᠭᠴᠢ                        ᠳᠠᠭᠠᠳᠬᠠᠯ ᠤᠨ ᠵᠠᠭᠤᠴᠢᠯᠠᠭᠴᠢ ᠨᠢ ᠳᠠᠭᠠᠳᠬᠠᠯ ᠤᠨ ᠳᠦᠯᠦᠭᠡᠨ ᠤ ᠬᠦᠮᠦᠨ ᠲᠠᠢ ᠠᠳᠠᠯᠢ ᠪᠠᠷ ᠳᠠᠭᠠᠳᠬᠠᠯ ᠤᠨ ᠵᠦᠢᠯ ᠢᠶᠠᠨ ᠤᠬᠠᠭᠤᠯᠬᠤ ᠶᠢᠨ ᠬᠠᠮᠳᠤ ᠬᠦᠮᠦᠰ ᠢ ᠳᠠᠶᠢᠴᠢᠯᠠᠨ ᠳᠠᠭᠠᠳᠬᠠᠯ ᠳᠤ ᠣᠷᠤᠭᠤᠯᠬᠤ ᠭᠡᠷ᠎ᠠ ᠳᠤᠭᠳᠠᠳᠠᠭ᠃ ᠠᠳᠠᠯᠢ ᠦᠭᠡᠢ ᠳᠠᠯ᠎ᠠ ᠨᠢ ᠭᠡᠪᠡᠯ᠂ ᠳᠠᠭᠠᠳᠬᠠᠯ ᠤᠨ ᠳᠦᠯᠦᠭᠡᠨ ᠤ ᠬᠦᠮᠦᠨ ᠨᠢ ᠪᠤᠯ ᠳᠠᠭᠠᠳᠬᠠᠯ ᠤᠨ ᠺᠤᠮᠫᠠᠨᠢ ᠪᠠᠨ ᠳᠦᠯᠦᠭᠡᠯᠡᠠ ᠳᠠᠭᠠᠳᠬᠠᠯ ᠳᠤ ᠣᠷᠤᠬᠤ ᠬᠦᠮᠦᠨ ᠲᠠᠢ ᠭᠡᠯᠡᠯᠴᠡᠭᠡ ᠵᠦᠪᠳᠡᠯᠴᠡᠭᠡᠷ ᠬᠢᠵᠤ᠂ ᠳᠠᠭᠠᠳᠬᠠᠯ ᠤᠨ ᠵᠠᠭᠤᠴᠢᠯᠠᠭᠴᠢ ᠶᠢᠨ ᠵᠤᠭᠤᠰ ᠮᠦᠡᠭᠬᠦ ᠶᠢ ᠪᠤᠯ ᠳᠠᠭᠠᠳᠬᠠᠯ ᠳᠤ ᠣᠷᠤᠭᠰᠠᠨ ᠬᠦᠮᠦᠰ ᠠᠴᠠ ᠬᠤᠷᠢᠶᠠᠭᠰᠠᠨ ᠵᠤᠭᠤᠰ᠂ ᠳᠠᠷᠤᠢ ᠳᠠᠭᠠᠳᠬᠠᠯ ᠤᠨ ᠺᠤᠮᠫᠠᠨᠢ ᠎ ᠠᠴᠠ ᠤᠯᠭᠤᠳᠠᠭ᠃ ᠣᠢᠢᠯᠠᠭᠠᠭᠰᠠᠨ ᠢᠶᠠᠷ ᠠᠮᠧᠷᠢᠺᠠ ᠶᠢᠨ ᠳᠠᠭᠠᠳᠬᠠᠯ ᠤᠨ ᠵᠠᠭᠤᠴᠢᠯᠠᠭᠴᠢ ᠶᠢᠨ ᠵᠢᠯ ᠤᠨ ᠴᠠᠯᠢᠩ ᠨᠢ ᠪᠠᠷᠤᠭ 20᠎ ᠠᠴᠠ 30 ᠳᠦᠮᠡᠨ ᠳ᠋ᠤᠯᠯᠠᠷ ᠲᠤ ᠬᠦᠷᠴᠤ᠂ ᠦᠨᠳᠦᠷ ᠣᠷᠤᠯᠭ᠎ᠠ ᠲᠠᠢ ᠬᠦᠮᠦᠰ ᠤᠨ ᠡᠩᠨᠡᠭᠡᠨ ᠳᠤ ᠣᠷᠤᠳᠠᠭ ᠪᠠᠶᠢᠨ᠎ᠠ᠃ ᠮᠠᠨ ᠤ ᠤᠯᠤᠰ WTO᠎ ᠳᠤ ᠣᠷᠤᠵᠤ᠂ ᠳᠠᠭᠠᠳᠬᠠᠯ ᠤᠨ ᠦᠢᠯᠡᠰ ᠤᠨ ᠬᠦᠭᠵᠢᠯᠳᠡ ᠶᠢ ᠳᠠᠭᠠᠯᠳᠤᠨ᠂ ᠳᠠᠭᠠᠳᠬᠠᠯ ᠤᠨ ᠵᠠᠭᠤᠴᠢᠯᠠᠭᠴᠢ ᠶᠢᠨ ᠬᠦᠷᠳᠡᠭᠡᠮᠵᠢ ᠵᠢᠴᠢ ᠬᠠᠮᠢᠶ᠎ᠠ ᠪᠦᠬᠦᠢ ᠴᠠᠯᠢᠩ ᠬᠦᠯᠦᠰᠤ ᠠᠯᠬᠤᠮ ᠠᠯᠬᠤᠮ ᠢᠶᠠᠷ        ᠨᠡᠮᠡᠭᠳᠡᠵᠤ᠂ ᠡᠮᠡᠭᠳᠡᠶᠢᠴᠤᠳ ᠤᠨ ᠦᠢᠯᠡᠳᠤᠯ ᠴᠢᠳᠠᠪᠤᠷᠢ ᠪᠠᠨ ᠪᠠᠳᠠᠷᠠᠭᠤᠯᠬᠤ ᠴᠠᠭ ᠳᠤᠬᠢᠶᠠᠯ ᠬᠦᠷᠴᠤ ᠢᠷᠡᠪᠡ᠃                      ᠳᠤᠯᠤᠭ᠎ᠠ᠂ ᠡᠷᠬᠢᠯᠡᠭᠰᠡᠨ ᠠᠵᠢᠯ ᠤᠨ ᠵᠠᠬᠢᠷᠤᠯ                            ᠡᠷᠬᠢᠯᠡᠭᠰᠡᠨ ᠡᠵᠢᠯ ᠤᠨ ᠵᠠᠬᠢᠷᠤᠯ ᠪᠤᠯᠬᠤ ᠨᠢ ᠶᠡᠷᠦ ᠠᠴᠠ ᠡᠷᠡᠭᠳᠡᠶᠢᠴᠤᠳ ᠤᠨ ᠬᠢᠳᠡᠭ ᠠᠵᠢᠯ ᠳᠦᠷᠦᠯ ᠪᠠᠶᠢᠭᠰᠠᠭᠠᠷ ᠢᠷᠡᠪᠡ᠃ ᠭᠡᠬᠦ ᠳᠤ ᠣᠢᠢᠷ᠎ᠠ ᠶᠢᠨ ᠭᠡᠳᠤᠨ ᠵᠢᠯ ᠠᠴᠠ ᠤᠯᠠᠨ ᠠᠷᠪᠢᠨ ᠡᠮᠡᠭᠳᠡᠶᠢᠴᠤᠳ ᠡᠨᠡᠬᠦ ᠪᠠᠶᠢᠷᠢ ᠰᠠᠭᠤᠷᠢ ᠎ ᠶᠢ ᠦᠷᠢᠰᠦᠯᠳᠦᠬᠦ ᠪᠤᠯᠪᠠ᠃ ᠡᠷᠬᠢᠯᠡᠭᠰᠡᠨ ᠠᠵᠢᠯ ᠤᠨ ᠵᠠᠬᠢᠷᠤᠯ ᠤᠨ ᠨᠢᠭᠡ ᠨᠠᠰᠤᠨ ᠤ ᠭᠦᠰᠡᠯ ᠵᠤᠷᠢᠯᠭ᠎ᠠ ᠨᠢ ᠡᠯ᠎ᠡ ᠳᠤᠮᠤ ᠺᠤᠮᠫᠠᠨᠢ ᠳᠤ ᠵᠠᠬᠢᠷᠤᠯ ᠪᠤᠯᠬᠤ ᠳᠤ ᠪᠠᠶᠢᠳᠠᠭ ᠶᠤᠮ᠃ ᠡᠳᠡᠭᠡᠷ ᠭᠠᠷᠮᠠᠭᠠᠢ ᠡᠮᠡᠭᠳᠡᠶᠢᠴᠤᠳ ᠠᠴᠠ ᠳᠤᠷᠠᠳᠪᠠᠯ᠂ ᠸᠧᠢ ᠷᠤᠸᠠᠨ ᠤ ᠡᠤ ᠱᠢ ᠬᠤᠩ᠂ ᠭᠧ ᠯᠢ ᠠᠭᠠᠷ ᠳᠤᠬᠢᠷᠠᠭᠤᠯᠤᠭᠴᠢ ᠶᠢᠨ ᠪᠤᠷᠤᠯᠠᠭᠤᠯᠤᠯᠳᠠ ᠶᠢᠨ ᠭᠡᠯᠳᠡᠰ ᠤᠨ ᠶᠡᠷᠦᠩᠭᠡᠢ ᠵᠠᠬᠢᠷᠤᠯ ᠳ᠋ᠦᠩ ᠮᠢᠩ ᠵᠤ᠋ ᠨᠠᠷ ᠪᠤᠢ᠃ ᠨᠢᠭᠡᠨ ᠳᠤᠮᠤᠬᠠᠨ ᠰᠢᠭ᠋ ᠬᠤᠪᠢ ᠣᠷᠤᠭᠤᠯᠤᠭᠰᠠᠨ ᠳᠦᠷᠢᠮᠳᠤ ᠠᠵᠤ ᠠᠬᠤᠢᠢᠯᠠᠯ ᠤᠨ ᠳᠡᠳ᠋ ᠶᠡᠷᠦᠩᠭᠡᠢ ᠵᠠᠬᠢᠷᠤᠯ ᠤᠨ ᠵᠢᠯ ᠤᠨ ᠴᠠᠯᠢᠩ ᠬᠦᠯᠦᠰᠦ 50᠎ ᠠᠴᠠ 60 ᠳᠦᠮᠡᠨ ᠳᠦᠬᠦᠷᠢᠭ ᠲᠤ ᠬᠦᠷᠴᠤ᠂ ᠰᠠᠯᠠᠭ᠎ᠠ ᠮᠦᠴᠢᠷ ᠤᠨ ᠳᠡᠭᠡᠳᠤ ᠳᠠᠪᠬᠤᠷᠭ᠎ᠠ ᠶᠢᠨ ᠬᠠᠷᠢᠭᠤᠴᠠᠯᠭᠠᠳᠠᠨ ᠤ ᠵᠢᠯ ᠤᠨ ᠴᠠᠯᠢᠩ ᠬᠦᠯᠦᠰᠤ ᠨᠢ ᠴᠤ 30᠎ ᠠᠴᠠ 40 ᠳᠦᠮᠡᠨ ᠳᠦᠬᠦᠷᠢᠭ ᠲᠤ ᠬᠦᠷᠳᠡᠭ ᠪᠠᠶᠢᠨ᠎ᠠ᠃                      ᠨᠠᠢᠮᠠ᠂ ᠮᠦᠡᠭᠬᠦᠨ ᠬᠦᠢᠯᠭᠡᠭᠡ ᠪᠠᠩᠬᠢ ᠶᠢᠨ ᠠᠵᠢᠯᠳᠠᠨ                            ᠮᠦᠡᠭᠬᠦᠨ ᠬᠦᠢᠯᠭᠡᠭᠡ ᠪᠠᠩᠬᠢ ᠶᠢᠨ ᠠᠵᠢᠯ ᠪᠤᠯ ᠤᠯᠤᠰ ᠤᠨ ᠳᠤᠳᠤᠭᠠᠳᠤᠬᠢ ᠭᠠᠭᠴᠠᠭᠠᠷ ᠡᠵᠡᠷᠭᠡᠬᠦ ᠠᠵᠢᠯ ᠳᠦᠷᠦᠯ ᠤᠨ ᠨᠢᠭᠡ ᠪᠤᠯᠤᠨ᠎ᠠ᠃ ᠡᠩ ᠤᠨ ᠠᠵᠢᠯᠳᠠᠨ ᠤ ᠴᠠᠯᠢᠩ ᠬᠦᠯᠦᠰᠦ ᠨᠢ ᠪᠦᠬᠦ ᠤᠯᠤᠰ ᠤᠨ ᠠᠵᠢᠯᠳᠠᠨ ᠤ ᠳᠡᠭᠰᠢᠳᠭᠡᠭᠰᠡᠨ ᠴᠠᠯᠢᠩ ᠬᠦᠯᠦᠰᠤᠨ ᠠᠴᠠ ᠬᠤᠯᠠ ᠦᠨᠳᠦᠷ ᠪᠠᠶᠢᠳᠠᠭ ᠠᠴᠠ ᠡᠨᠡᠬᠦ ᠡᠩᠨᠡᠭᠡᠨ ᠳᠤ ᠣᠷᠤᠬᠤ ᠳᠤ ᠴᠤ ᠳᠤᠩ ᠬᠦᠴᠢᠷ ᠲᠠᠢ᠃ ᠮᠠᠨ ᠤ ᠤᠯᠤᠰ WTO᠎ ᠳᠤ ᠣᠷᠤᠭᠰᠠᠨ ᠠᠴᠠ ᠨᠠᠰᠢ᠂ ᠭᠠᠳᠠᠭᠠᠳᠤ ᠠᠴᠠ ᠶᠡᠭᠡ ᠬᠡᠮᠵᠢᠶᠡᠨ ᠤ ᠪᠡᠯᠡ ᠮᠦᠡᠭᠬᠦ ᠪᠤᠯᠤᠨ ᠪᠡᠯᠡ ᠣᠷᠤᠭᠤᠯᠤᠭᠴᠢᠳ ᠣᠷᠤᠵᠤ ᠢᠷᠠᠪᠠ᠂ ᠡᠨᠡ ᠨᠢ ᠤᠯᠠᠨ ᠠᠷᠪᠢᠨ ᠴᠢᠳᠠᠪᠤᠷᠢᠳᠠᠨ ᠢ ᠱᠠᠭᠠᠷᠳᠠᠬᠤ ᠪᠤᠯᠤᠭᠰᠠᠨ ᠪᠦᠭᠡᠳ ᠴᠠᠯᠢᠩ ᠬᠦᠯᠦᠰᠤ ᠶᠢ ᠴᠤ ᠨᠡᠮᠡᠭᠳᠡᠬᠦᠯᠪᠡ᠃ ᠳᠦᠰᠦᠭᠡᠯᠡᠨ ᠪᠤᠳᠤᠭᠰᠠᠨ ᠢᠶᠠᠷ᠂ ᠮᠦᠡᠭᠬᠦᠨ ᠬᠦᠢᠯᠭᠡᠭᠡ        ᠪᠠᠩᠬᠢ ᠶᠢᠨ ᠨᠢᠷᠤᠭᠤᠪᠴᠢ ᠬᠦᠴᠤᠨ ᠤ ᠵᠢᠯ ᠤᠨ ᠴᠠᠯᠢᠩ ᠬᠦᠯᠦᠰᠤ 6 ᠳᠦᠮᠡᠨ ᠳᠦᠬᠦᠷᠢᠭ ᠲᠤ ᠬᠦᠷᠴᠤ᠂ ᠳᠤᠮᠳᠠ ᠳᠠᠪᠬᠤᠷᠭ᠎ᠠ ᠶᠢᠨ ᠬᠠᠮᠢᠶᠠᠷᠤᠯᠳᠠ ᠶᠢᠨ ᠠᠵᠢᠯᠳᠠᠨ ᠤ ᠵᠢᠯ ᠤᠨ ᠴᠠᠯᠢᠩ ᠬᠦᠯᠦᠰᠤ 20᠎ ᠠᠴᠠ 30 ᠳᠦᠮᠡᠨ ᠳᠦᠬᠦᠷᠢᠭ ᠲᠤ ᠬᠦᠷᠴᠤ᠂ ᠳᠡᠭᠡᠳᠤ ᠳᠠᠪᠬᠤᠷᠭ᠎ᠠ ᠶᠢᠨ ᠬᠠᠮᠢᠶᠠᠷᠤᠯᠳᠠ ᠶᠢᠨ ᠠᠵᠢᠯᠳᠠᠨ ᠤ ᠵᠢᠯ ᠤᠨ ᠴᠠᠯᠢᠩ ᠬᠦᠯᠦᠰᠤ 50 ᠳᠦᠮᠡᠨ ᠳᠦᠬᠦᠷᠢᠭ ᠢ ᠳᠠᠪᠠᠵᠥ᠂ ᠴᠢᠨᠠᠭᠰᠢᠯᠠᠪᠠᠯ 100 ᠳᠦᠮᠡᠨ ᠳᠦᠬᠦᠷᠢᠭ ᠲᠤ ᠬᠦᠷᠳᠡᠭ ᠪᠠᠶᠢᠨ᠎ᠠ᠃                      ᠶᠢᠰᠤ᠂              ᠠᠷᠪᠠ᠂      
 
ᠢᠷᠡᠯᠲᠡ᠄ ᠠᠯᠠᠱᠠ ᠵᠡᠭᠦᠨ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号