ᠡᠷᠡᠬᠦᠯ ᠴᠢᠭᠢᠷᠠᠭ ᠪᠠ ᠪᠤᠯᠪᠠᠰᠤᠷᠠᠯ ᠬᠦᠲᠡᠯᠭᠡᠭᠡᠨ
ᠨᠡᠶᠢᠲᠡᠯᠡᠭᠰᠡᠨ ᠴᠠᠭ᠄
2022/9/2
       ᠪᠡᠶ᠎ᠠ ᠮᠠᠬᠠᠪᠤᠳ ᠡᠷᠡᠭᠦᠯ ᠪᠤᠯ ᠰᠠᠳᠬᠢᠯ ᠰᠠᠨᠠᠭ᠎ᠠ ᠲᠠᠶᠢᠪᠤᠭᠤᠨ ᠪᠠᠶᠢᠳᠠᠭ᠃ ᠪᠡᠶ᠎ᠠ ᠮᠠᠬᠠᠪᠤᠳ ᠡᠷᠡᠭᠦᠯ ᠴᠢᠬᠢᠷᠠᠬ ᠬᠦᠮᠤᠨ ᠪᠠᠶᠠᠰᠤᠩᠭᠤᠢ᠂ ᠪᠡᠶ᠎ᠠ ᠳᠡᠭᠡᠨ ᠢᠳᠡᠭᠡᠯᠳᠠᠢ᠂ ᠪᠤᠰᠤᠳ ᠢ ᠬᠠᠷᠠᠭᠠᠯᠵᠠᠬᠤ ᠳᠤᠷᠠᠳᠠᠢ᠂ ᠨᠤᠭᠤᠷᠠᠯ ᠪᠦᠳᠤᠷᠢᠯ ᠢ ᠳᠡᠪᠴᠢᠵᠤ ᠠᠷᠭᠠᠴᠠᠭᠠᠬᠤ ᠴᠢᠳᠠᠪᠤᠷᠢ ᠪᠠᠷ ᠰᠠᠶᠢᠨ ᠪᠠᠶᠢᠵᠤ᠂ ᠦᠷᠭᠦᠯᠵᠢ ᠤᠯᠠᠨ ᠤ ᠪᠠᠨ ᠢᠳᠡᠭᠡᠯ ᠪᠡ ᠬᠦᠡᠳᠤᠳᠬᠡᠯ ᠢ ᠤᠯᠵᠤ ᠴᠢᠳᠠᠳᠠᠬ ᠪᠠᠶᠢᠨ᠎ᠠ᠃ ᠡᠭᠦᠨ ᠤ ᠡᠰᠡᠷᠬᠦ ᠪᠠᠷ ᠪᠡᠶ᠎ᠠ ᠮᠠᠬᠠᠪᠤᠳ ᠠᠨᠠᠶᠢᠬᠠᠨ ᠪᠤᠯ ᠡᠪᠡᠳᠴᠢᠨ ᠭᠡᠮ ᠳᠤ ᠦᠷᠭᠦᠯᠵᠢ ᠳᠠᠭᠠᠷᠢᠬᠳᠠᠵᠤ᠂ ᠰᠦᠷ ᠰᠦᠯᠳᠡ ᠦᠭᠡᠢ᠂ ᠰᠡᠵᠢᠭ ᠡᠷᠡᠭᠡᠯᠵᠡᠭᠡ ᠠᠷᠪᠢᠨ᠂ ᠠᠭᠤᠷ ᠵᠤᠪᠠᠨᠢᠯ ᠢᠶᠠᠷ ᠳᠦᠭᠦᠷᠴᠤ᠂ ᠪᠡᠶ᠎ᠠ ᠎ ᠳᠡᠭᠡᠨ ᠭᠤᠳᠤᠷᠠᠵᠤ ᠭᠤᠩᠰᠦ᠋ᠢᠬᠤ᠂ ᠴᠤᠬᠢᠯᠳᠠ ᠳᠤ ᠤᠴᠠᠷᠠᠪᠠᠯ ᠵᠤᠷᠢᠬ ᠮᠤᠬᠤᠬᠤ᠂ ᠬᠡᠶᠢᠮᠤᠷᠢ ᠨᠢ ᠭᠡᠪᠳᠡᠵᠤ ᠭᠡᠰᠢᠭ ᠪᠤᠶᠠᠨ ᠨᠢ ᠵᠠᠶᠢᠯᠠᠬᠰᠠᠨ ᠮᠡᠳᠤ ᠮᠠᠭᠤ ᠢᠯᠡᠷᠡᠯ ᠤᠳ ᠲᠠᠢ ᠪᠠᠶᠢᠳᠠᠬ᠃        ᠴᠢᠩᠬᠢᠪᠡᠯ ᠳᠡᠭᠡᠷᠡᠬᠢ ᠮᠡᠳᠤ ᠪᠡᠶ᠎ᠠ ᠮᠠᠬᠠᠪᠤᠳ ᠠᠨᠠᠶᠢᠬᠠᠨ ᠪᠠᠶᠢᠳᠠᠯ ᠠᠴᠠ ᠪᠤᠯᠤᠬᠰᠠᠨ ᠡᠯᠳᠡᠪ ᠵᠦᠢᠯ ᠤᠨ ᠢᠯᠡᠷᠡᠯ ᠤᠳ ᠢ ᠬᠡᠷᠬᠢᠨ ᠰᠡᠷᠭᠡᠶᠢᠯᠡᠬᠦ ᠳᠤᠬᠠᠢ ᠦᠷᠭᠦᠯᠵᠢ ᠪᠠᠷᠢᠮᠳᠠᠯᠠᠬᠤ ᠪᠤᠯᠪᠠᠰᠤᠷᠠᠯ ᠬᠦᠳᠡᠯᠭᠡᠭᠡᠨ ᠠᠴᠠ ᠳᠠᠨᠢᠯᠴᠠᠭᠤᠯᠤᠶ᠎ᠠ᠄        ᠠᠯᠬᠤᠬᠤ ᠬᠦᠳᠡᠯᠭᠡᠭᠡᠨ — ᠬᠦᠮᠤᠨ ᠦᠷᠭᠦᠯᠵᠢ ᠠᠯᠬᠤᠵᠤ ᠪᠠᠶᠢᠪᠠᠯ ᠴᠢᠰᠤᠨ ᠰᠤᠳᠠᠯ ᠤᠨ ᠬᠠᠳᠠᠭᠤᠷᠠᠯ᠂ ᠪᠦᠭᠯᠡᠷᠡᠯ᠂ ᠰᠢᠬᠢᠷ ᠰᠢᠵᠢᠩ᠂ ᠡᠯᠢᠭᠡ ᠦᠭᠡᠬᠦᠯᠡᠬᠦ᠂ ᠪᠡᠶ᠎ᠠ ᠳᠠᠷᠭᠤᠯᠠᠬᠤ ᠵᠡᠷᠭᠡ ᠡᠪᠡᠳᠴᠢᠨ ᠢ ᠰᠡᠷᠭᠡᠶᠢᠯᠡᠨ ᠬᠤᠷᠢᠬᠯᠠᠵᠤ ᠴᠢᠳᠠᠨ᠎ᠠ᠃ ᠠᠯᠬᠤᠬᠤ ᠬᠦᠳᠡᠯᠭᠡᠭᠡᠨ ᠨᠢ ᠬᠦᠮᠤᠨ ᠤ ᠰᠡᠳᠬᠢᠯ ᠰᠠᠨᠠᠭ᠎ᠠ ᠶᠢ ᠳᠠᠶᠢᠳᠬᠤᠷᠠᠭᠤᠯᠵᠤ᠂ ᠪᠡᠶ᠎ᠠ ᠰᠡᠳᠬᠢᠯ ᠢ ᠠᠮᠠᠷᠠᠭᠤᠯᠬᠤ ᠪᠤᠯᠤᠨ᠎ᠠ᠃ ᠡᠷᠡᠬᠦᠯ ᠮᠡᠡᠳᠤ ᠶᠢᠨ ᠪᠤᠯᠪᠠᠰᠤᠷᠠᠯ ᠤᠨ ᠳᠤᠬᠠᠢ ᠡᠷᠳᠡᠮᠳᠡᠳ ᠵᠢᠭᠠᠨ ᠭᠠᠷᠭᠠᠬᠰᠠᠨ ᠨᠢ᠄ ᠬᠠᠮᠤᠬ ᠤᠨ ᠰᠠᠶᠢᠨ ᠬᠦᠳᠡᠯᠭᠡᠭᠡᠨ ᠪᠤᠯ ᠠᠯᠬᠤᠬᠤ ᠭᠡᠵᠡᠢ᠃ ᠬᠦᠮᠤᠨ ᠡᠳᠤᠷ ᠲᠤ ᠬᠠᠮᠤᠬ ᠪᠠᠭ᠎ᠠ ᠳᠠᠭᠠᠨ 3 ᠺᠢᠯᠤᠮᠧᠲᠷ ᠠᠯᠬᠤᠵᠤ ᠪᠠᠶᠢᠪᠠᠯ ᠬᠠᠮᠤᠬ ᠳᠤᠬᠢᠷᠠᠮᠵᠢᠳᠠᠢ᠂ ᠬᠦᠮᠤᠨ ᠳᠦᠷᠤᠯᠬᠢᠳᠡᠨ ᠤ ᠠᠯᠬᠤᠵᠤ ᠢᠷᠡᠭᠰᠡᠨ ᠳᠡᠤᠬᠡ ᠡᠭᠦᠨ ᠢ ᠭᠡᠷᠡᠴᠢᠯᠡᠭᠰᠡᠨ ᠪᠠᠶᠢᠨ᠎ᠠ᠃ ᠬᠦᠮᠤᠨ ᠤ ᠪᠡᠶ᠎ᠠ ᠶᠢᠨ ᠪᠦᠳᠤᠴᠡ ᠪᠤᠯᠬᠤ ᠶᠠᠰᠤ ᠮᠢᠬ᠎ᠠ᠂ ᠪᠤᠯᠴᠢᠩ ᠰᠢᠷᠪᠤᠰᠤ᠂ ᠳᠤᠳᠤᠭᠠᠳᠤ ᠡᠷᠬᠡᠳᠡᠨ ᠵᠡᠷᠭᠡ ᠨᠢ ᠠᠯᠬᠤᠬᠤ ᠬᠦᠳᠡᠯᠭᠡᠭᠡᠨ ᠳᠤ ᠬᠠᠮᠤᠬ ᠤᠨ ᠳᠤᠬᠢᠷᠠᠮᠵᠢᠳᠠᠢ ᠪᠠᠶᠢᠳᠠᠬ᠃ ᠤᠴᠢᠷ ᠨᠢ ᠪᠦᠬᠦ       ᠪᠡᠶ᠎ᠠ ᠶᠢᠨ ᠴᠢᠰᠤᠨ ᠤ ᠡᠷᠬᠢᠯᠳᠡ ᠶᠢ ᠠᠬᠢᠭᠤᠯᠵᠤ᠂ ᠠᠮᠢᠰᠬᠤᠯ ᠢ ᠰᠠᠶᠢᠵᠢᠷᠠᠭᠤᠯᠤᠨ᠎ᠠ᠃       ᠬᠡᠷᠪᠡ 30 ᠮᠢᠨᠦ᠋ᠲ ᠤᠨ ᠬᠤᠭᠤᠴᠠᠭ᠎ᠠ ᠳᠤᠳᠤᠷ᠎ᠠ ᠵᠤᠬᠢᠬᠤ ᠬᠡᠮᠵᠢᠶᠡᠨ ᠤ ᠵᠤᠬᠢᠴᠠᠯ ᠢᠶᠠᠷ ᠠᠯᠬᠤᠬᠤ ᠪᠤᠯ ᠬᠦᠮᠤᠨ ᠤ ᠶᠡᠭᠡ ᠳᠠᠷᠢᠬᠢᠨ ᠳᠠᠬᠢ ᠨᠢᠭᠡ ᠵᠦᠢᠯ ᠤᠨ ᠡᠸ᠋ᠨ᠋ᠳᠤᠷᠪᠢᠨ ᠬᠡᠮᠡᠬᠦ  ᠳᠠᠶᠢᠳᠬᠤᠷᠠᠭᠤᠯᠬᠤ ᠬᠤᠷᠮᠤᠨ ᠢ ᠡᠭᠦᠰᠭᠡᠨ᠎ᠠ᠃ ᠳᠡᠷᠡ ᠨᠢ ᠮᠡᠳᠡᠷᠡᠯ ᠤᠨ ᠡᠰ ᠲᠤ ᠳᠠᠶᠢᠳᠬᠤᠷᠠᠭᠤᠯᠬᠤ ᠤᠢᠢᠯᠡᠳᠤᠯ ᠦᠵᠡᠭᠦᠯᠵᠤ ᠴᠢᠳᠠᠬᠤ ᠳᠤᠯᠠ ᠬᠦᠮᠤᠨ ᠤ ᠪᠡᠶ᠎ᠠ ᠮᠠᠬᠠᠪᠤᠳ ᠢ ᠠᠮᠤᠷ ᠳᠤᠬᠳᠠᠭᠤᠨ ᠪᠤᠶᠤ ᠳᠠᠭᠠᠯᠠᠮᠵᠢᠳᠠᠢ ᠪᠤᠯᠭᠠᠵᠤ ᠴᠢᠳᠠᠳᠠᠬ ᠶᠤᠮ᠃        ᠳᠦᠷᠭᠡᠨ ᠠᠯᠬᠤᠵᠤ ᠠᠭᠠᠵᠢᠮ ᠬᠦᠶᠤᠬᠦ ᠬᠦᠳᠡᠯᠭᠡᠭᠡᠨ — ᠳᠤᠰᠬᠠᠢ ᠮᠡᠷᠭᠡᠵᠢᠯᠳᠡᠨ ᠤ ᠬᠡᠯᠡᠬᠦ ᠪᠠᠷ ᠠᠯᠬᠤᠬᠤ ᠪᠤᠶᠤ ᠬᠦᠶᠤᠬᠦ ᠬᠦᠳᠡᠯᠭᠡᠭᠡᠨ ᠨᠢ ᠮᠠᠰᠢ ᠤᠯᠠᠨ ᠨᠠᠵᠠᠭᠠᠢ ᠵᠠᠯᠬᠠᠭᠤ ᠬᠦᠮᠤᠨ ᠳᠤ ᠠᠪᠴᠤ ᠬᠡᠯᠡᠪᠡᠯ ᠳᠤᠩ ᠰᠠᠶᠢᠨ ᠵᠤᠷ ᠪᠤᠯᠤᠨ᠎ᠠ ᠭᠡᠵᠡᠢ᠃ ᠤᠴᠢᠷ ᠨᠢ ᠡᠨᠡᠬᠦ ᠵᠤᠷ ᠬᠠᠮᠤᠬ ᠳᠦᠬᠦᠮ ᠮᠦᠷᠳᠡᠭᠡᠨ ᠶᠠᠮᠠᠷ ᠴᠤ ᠵᠤᠭᠤᠰ ᠮᠦᠩᠭᠦ ᠵᠠᠷᠤᠴᠠᠭᠤᠯᠬᠤ ᠦᠭᠡᠢ᠂ ᠬᠦᠮᠤᠨ ᠤ ᠪᠡᠶ᠎ᠠ ᠮᠠᠬᠠᠪᠤᠳ ᠲᠤ ᠶᠠᠮᠠᠷ ᠴᠤ ᠬᠤᠤᠷ ᠬᠦᠨᠤᠭᠡᠯ ᠭᠡᠵᠤ ᠦᠭᠡᠢ ᠶᠤᠮ᠃ ᠡᠭᠦᠨ ᠤ ᠤᠬ ᠶᠤᠰᠤ ᠨᠢ ᠬᠦᠮᠤᠨ ᠤ ᠳᠠᠷᠢᠬᠢᠨ ᠮᠡᠳᠡᠷᠡᠯ ᠤᠨ ᠡᠰ ᠲᠤ ᠳᠠᠭᠠᠯᠳᠠ ᠪᠦᠭᠡᠷ᠎ᠠ ᠶᠢᠨ ᠨᠤᠭᠤᠰᠤᠯᠢᠬ ᠡᠳ᠋ ᠤᠨ ᠱᠦᠭᠦᠷᠡᠯ ᠬᠦᠷᠤᠯᠴᠡᠬᠦ ᠦᠭᠡᠢ ᠎ ᠠᠴᠠ ᠪᠤᠯᠵᠠᠢ᠃ ᠡᠶᠢᠮᠤ ᠠᠴᠠ ᠠᠯᠬᠤᠬᠤ ᠪᠤᠶᠤ ᠭᠦᠶᠤᠬᠦ ᠬᠦᠳᠡᠯᠭᠡᠭᠡᠨ ᠢ ᠬᠢᠵᠤ ᠪᠠᠶᠢᠳᠠᠬ ᠪᠤᠯ ᠱᠦᠭᠦᠷᠡᠯ ᠤᠨ ᠬᠡᠮᠵᠢᠶ᠎ᠠ ᠨᠡᠮᠡᠭᠳᠡᠬᠦ ᠳᠤᠯᠡ ᠳᠡᠨ ᠤ ᠠᠯᠵᠠᠭᠤ ᠨᠠᠵᠠᠭᠠᠢ ᠭᠡᠮ ᠢ ᠴᠢᠨᠢ ᠠᠨᠠᠭᠠᠵᠤ ᠴᠢᠳᠠᠨ᠎ᠠ᠃        ᠬᠡᠷᠪᠡ ᠳᠡ ᠭᠤᠶᠤ ᠰᠠᠶᠢᠬᠠᠨ ᠤᠷᠴᠢᠨ ᠠᠬᠤᠢ᠂ ᠰᠢᠨ᠎ᠠ ᠰᠤᠷᠭᠤᠬ ᠠᠭᠤᠷ ᠠᠮᠢᠰᠬᠤᠯ ᠲᠠᠢ ᠤᠷᠴᠢᠨ ᠳᠤᠭᠤᠷᠢᠨ ᠳᠤ ᠬᠦᠳᠡᠯᠭᠡᠭᠡᠨ ᠬᠢᠵᠤ ᠬᠦᠶᠤᠳᠡᠭ ᠲᠤ ᠬᠦᠷᠪᠡᠯ ᠳᠠᠨ ᠤ ᠰᠡᠳᠬᠢᠯ ᠰᠠᠨᠠᠭ᠎ᠠ ᠤᠯᠠᠮ ᠪᠠᠶᠠᠰᠤᠯ ᠵᠢᠷᠭᠠᠯ ᠢᠶᠠᠷ ᠬᠦᠪᠤᠯᠵᠠᠵᠤ᠂ ᠮᠡᠳᠡᠷᠡᠯ ᠤᠨ ᠰᠢᠰᠲ᠋ᠧᠮ ᠤᠨ ᠳᠤᠰᠬᠠᠯ ᠨᠢ ᠬᠤᠷᠴᠡ ᠰᠡᠷᠭᠦᠯᠡᠩ ᠪᠤᠯᠵᠤ ᠴᠢᠳᠠᠨ᠎ᠠ᠃
 
ᠢᠷᠡᠯᠲᠡ᠄ ᠠᠯᠠᠱᠠ ᠵᠡᠭᠦᠨ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号