ᠶᠠᠮᠠᠷ ᠢᠳᠡᠭᠡᠨ ᠪᠤᠭᠢᠨᠢᠲᠤᠬᠤ ᠶᠢ ᠭᠢᠵᠠᠭᠠᠷᠯᠠᠵᠤ ᠴᠢᠲᠠᠬᠤ ᠪᠤᠢ
ᠨᠡᠶᠢᠲᠡᠯᠡᠭᠰᠡᠨ ᠴᠠᠭ᠄
2022/9/2
       ᠵᠠᠷᠢᠮ ᠢᠳᠡᠭᠡᠨ ᠳᠤ ᠪᠤᠬᠢᠨᠢᠳᠤᠯ ᠢ ᠡᠰᠡᠷᠭᠦᠴᠡᠬᠦ ᠡᠳ᠋ ᠠᠭᠤᠯᠤᠭᠳᠠᠵᠤ ᠪᠠᠶᠢᠳᠠᠭ       ᠲᠤᠯᠠ ᠬᠡᠷᠪᠡ ᠲᠡᠭᠦᠨ ᠢ ᠢᠳᠡᠪᠡᠯ ᠬᠦᠮᠦᠨ ᠤ ᠡᠷᠡᠭᠦᠯ ᠡᠩᠬᠡ ᠳᠤ ᠠᠰᠢᠭᠲᠠᠢ ᠪᠦᠭᠡᠳ ᠪᠡᠶ᠎ᠡ ᠲᠠᠭᠠᠯᠠᠮᠵᠢᠳᠠᠢ ᠪᠤᠯᠵᠤ ᠂ ᠪᠠᠶᠠᠷ ᠪᠠᠭ᠋ᠠᠳᠤᠯ ᠢ ᠨᠡᠮᠡᠭᠳᠡᠭᠦᠯᠵᠦ ᠪᠤᠯᠤᠨ᠎ᠠ᠃        ᠲᠤᠰᠬᠠᠢ ᠰᠤᠳᠤᠯᠭᠠᠨ ᠢᠶᠠᠷ ᠳᠠᠮᠵᠢᠵᠤ ᠭᠡᠷᠡᠴᠢᠯᠡᠭᠰᠡᠨ ᠨᠢ ᠵᠢᠭᠠᠰᠤᠨ ᠲᠤᠰᠤᠨ ᠳᠤ omega — 3 ᠥᠭᠡᠬᠦ ᠶᠢᠨ ᠬᠦᠴᠢᠯ ᠪᠠᠶᠢᠵᠤ ᠪᠤᠬᠢᠨᠢᠳᠤᠯ ᠢ ᠡᠰᠡᠷᠭᠦᠴᠡᠬᠦ ᠴᠢᠳᠠᠪᠬᠢ ᠲᠠᠢ ᠲᠤᠯᠠ ᠦᠷᠭᠦᠯᠵᠢ ᠵᠢᠭᠠᠰᠤᠨ ᠮᠢᠬ᠎ᠠ ᠢᠳᠡᠳᠡᠭ ᠬᠦᠮᠦᠨ ᠤ ᠮᠡᠳᠡᠷᠡᠯ ᠤᠨ ᠰᠢᠰᠲ᠋ᠧᠮ ᠤᠨ ᠲᠤᠰᠬᠠᠯ ᠨᠢ ᠬᠤᠷᠴᠠ ᠰᠡᠷᠭᠡᠭ ᠪᠤᠯᠵᠤ᠂ ᠴᠤᠭ ᠵᠢᠪᠬᠤᠭ᠎ᠠ ᠲᠠᠢ᠂ ᠪᠠᠶᠠᠷ ᠪᠠᠶᠠᠰᠬᠤᠯᠠᠩ ᠲᠠᠢ ᠪᠤᠯᠵᠤ ᠴᠢᠳᠠᠨ᠎ᠠ᠃ ᠡᠭᠦᠨ ᠤ ᠤᠴᠢᠷ ᠶᠤᠰᠤ ᠨᠢ ᠵᠢᠭᠠᠰᠤᠨ ᠮᠢᠬᠠᠨ ᠤ ᠲᠤᠲᠤᠷ᠎ᠠ ᠨᠢᠭᠡᠨ ᠵᠦᠢᠯ ᠤᠨ ᠬᠦᠮᠦᠨ ᠤ       ᠰᠡᠳᠬᠢᠭᠦᠢ ᠶᠢ ᠳᠡᠭᠰᠢᠳᠬᠡᠵᠤ ᠤᠷᠮ᠎ᠠ ᠪᠠᠬ᠎ᠠ ᠶᠢ ᠬᠦᠭᠵᠢᠭᠦᠯᠬᠦ ᠡᠳ᠋ ᠠᠭᠤᠯᠤᠭᠳᠠᠵᠤ ᠪᠠᠶᠢᠭ᠎ᠠ ᠳᠤ       ᠤᠷᠤᠰᠢᠨ᠎ᠠ᠃ ᠡᠭᠦᠨ ᠠᠴᠠ ᠭᠠᠳᠠᠨ᠎ᠠ ᠪᠠᠨᠠᠨᠠ ᠶᠢ ᠠᠮᠢᠳᠤ ᠪᠤᠳᠠᠰ ᠤᠨ ᠱᠦᠯᠳᠦ ᠭᠡᠵᠤ᠂ ᠲᠡᠭᠦᠨ ᠳᠤ ᠸᠢᠲ᠋ᠠᠮᠢᠨ B6 ᠬᠢᠭᠡᠳ ᠦᠩᠭᠡ ᠶᠢᠨ ᠠᠮᠢᠨᠤ᠋ ᠬᠦᠴᠢᠯ ᠲᠦᠢᠯ ᠤᠨ ᠠᠷᠪᠢᠨ ᠠᠭᠤᠯᠤᠭᠳᠠᠵᠤ ᠪᠠᠶᠢᠳᠠᠭ ᠠᠴᠠ ᠪᠠᠰᠠ ᠴᠦ ᠬᠦᠮᠦᠨ ᠤ ᠤᠷᠮ᠎ᠠ ᠵᠤᠷᠢᠭ ᠢ ᠬᠦᠭᠵᠢᠭᠡᠬᠦ ᠦᠢᠯᠡᠳᠦᠯ ᠲᠠᠢ ᠶᠤᠮ᠃ ᠡᠭᠦᠨ ᠤ ᠤᠴᠢᠷ ᠨᠢ ᠡᠳᠡᠭᠡᠷ ᠡᠳ᠋ ᠬᠦᠮᠦᠨ ᠤ ᠲᠠᠷᠢᠬᠢᠨ ᠤ ᠴᠢᠰᠤᠨ ᠬᠦᠬᠡ ᠡᠳ᠋ ᠢ ᠪᠦᠷᠢᠯᠳᠦᠭᠦᠯᠬᠦ ᠮᠥᠷᠲᠡᠭᠡᠨ       ᠪᠤᠬᠢᠨᠢᠳᠤᠯ ᠢ ᠵᠤᠬᠢᠬᠤ ᠬᠡᠮᠵᠢᠶ᠎ᠡ ᠪᠠᠷ ᠳᠡᠪᠴᠢᠨ ᠬᠡᠵᠠᠭᠠᠷᠯᠠᠬᠤ ᠦᠢᠯᠡᠳᠦᠯ ᠲᠠᠢ ᠶᠤᠮ᠃        ᠦᠷᠬᠡᠰᠤᠳᠤ ᠨᠤᠭᠤᠭ᠎ᠠ ᠳᠤ ᠶᠡᠭᠡ ᠬᠡᠮᠵᠢᠶᠡᠨ ᠤ ᠨᠠᠪᠴᠢᠨ ᠬᠦᠴᠢᠯ ︵ᠸᠢᠲ᠋ᠠᠮᠢᠨ BC︶       ᠠᠭᠤᠯᠤᠭᠳᠠᠵᠤ ᠪᠠᠶᠢᠳᠠᠭ᠃ ᠬᠦᠮᠦᠨ ᠤ ᠪᠡᠶ᠎ᠡ ᠬᠡᠷᠪᠡ ᠨᠠᠪᠴᠢᠨ ᠬᠦᠴᠢᠯ ᠲᠤᠲᠠᠭᠲᠠᠪᠠᠯ ᠤᠶᠤᠨ ᠮᠡᠳᠡᠷᠠᠯ ᠤᠨ ᠡᠪᠳᠴᠢᠨ ᠳᠤ ᠠᠮᠠᠷᠬᠠᠨ ᠨᠡᠷᠪᠡᠭᠳᠡᠵᠤ ᠮᠡᠳᠡᠨ᠎ᠡ᠃ ᠵᠢᠱᠢᠶᠡᠯᠡᠪᠡᠯ ᠰᠡᠳᠬᠢᠯ ᠪᠤᠬᠢᠨᠢᠳᠤᠬᠤ ᠡᠪᠡᠳᠴᠢᠨ ᠵᠡᠷᠭᠡ ᠪᠤᠢ᠃ ᠲᠡᠳᠡᠭᠡᠷ ᠨᠠᠪᠴᠢᠨ ᠬᠦᠴᠢᠯ ᠶᠡᠭᠡ ᠪᠠᠷ ᠲᠤᠲᠠᠭᠳᠠᠵᠤ       ᠪᠠᠶᠢᠭ᠎ᠠ ᠬᠦᠮᠦᠰ ᠬᠠᠪᠤᠷ ᠤᠨ ᠤᠯᠠᠷᠢᠯ ᠤᠨ ᠲᠠᠪᠤᠨ ᠰᠠᠷ᠎ᠠ ᠶᠢᠨ ᠬᠤᠭᠤᠴᠠᠭᠠᠨ ᠳᠤ ᠶᠠᠭᠤᠨ ᠤ ᠤᠷᠢᠳ ᠢᠶᠠᠷ ᠨᠦᠢᠷ ᠬᠤᠯᠵᠢᠬᠤ᠂ ᠪᠡᠶ᠎ᠡ ᠰᠡᠳᠬᠢᠯ ᠲᠤᠭᠳᠠᠪᠤᠷᠢ ᠦᠭᠡᠢ ᠪᠤᠯᠬᠤ᠂ ᠦᠷᠭᠦᠯᠵᠢ       ᠵᠤᠪᠠᠭ᠋ᠤ ᠪᠠᠶᠢᠳᠠᠯ ᠲᠠᠢ ᠪᠤᠯᠵᠤ᠂ ᠴᠢᠨᠠᠭᠰᠢᠳᠠ ᠰᠡᠳᠬᠢᠯ ᠰᠠᠨᠠᠭᠠᠨ ᠤ ᠪᠤᠬᠢᠨᠢᠳᠤᠬᠤ ᠡᠪᠡᠳᠴᠢᠨ ᠢ ᠭᠦᠢᠴᠡᠳ ᠡᠭᠦᠰᠬᠡᠵᠤ ᠪᠠᠶᠢᠭ᠎ᠠ ᠶᠢ ᠨᠢᠭᠡᠨᠳᠡ ᠲᠤᠰᠬᠠᠢ ᠪᠠᠶᠢᠴᠠᠭᠠᠯᠳᠠ ᠶᠢᠨ ᠲᠤᠭ᠎ᠠ       ᠪᠦᠷᠢᠳᠬᠡᠯ ᠢᠶᠠᠷ ᠭᠡᠷᠡᠴᠢᠯᠡᠭᠰᠡᠨ ᠪᠠᠶᠢᠨ᠎ᠠ᠃        ᠬᠡᠷᠪᠡ ᠲᠡᠭᠡᠷᠡᠬᠢ ᠪᠠᠶᠢᠳᠠᠯ ᠤᠳ ᠢᠯᠡᠷᠡᠳᠡᠭ ᠲᠤ ᠬᠦᠷᠪᠡᠯ ᠰᠠᠷᠢᠮᠰᠠᠭ᠂ ᠯᠠᠩᠭᠤᠸᠠ᠂ ᠦᠨᠢᠶᠡᠨ ᠰᠦ᠂ ᠬᠤᠷᠤᠳ᠂ ᠲᠠᠬᠢᠶᠠᠨ ᠮᠢᠬ᠎ᠠ᠂ ᠳᠠᠯᠠᠢ ᠶᠢᠨ ᠭᠠᠷᠤᠯᠳᠠ᠂ ᠢᠳᠡᠰᠢᠨ ᠮᠥᠭᠦ᠂ ᠠᠮᠤ ᠪᠤᠳᠠᠭ᠎ᠠ᠂ ᠪᠦᠬᠦᠯᠢ ᠪᠤᠭᠤᠳᠠᠢ ᠶᠢᠨ ᠮᠢᠶᠠᠨᠪᠤᠤ᠂ ᠰᠤᠳᠠ ᠲᠠᠢ ᠪᠢᠩᠭᠠᠨ ᠵᠡᠷᠭᠡ ᠶᠢ ᠦᠷᠭᠦᠯᠵᠢ ᠢᠳᠡᠵᠤ ᠪᠠᠶᠢᠳᠠᠭ ᠪᠤᠯ ᠪᠡᠶ᠎ᠡ ᠰᠡᠳᠬᠢᠯ ᠢ ᠲᠠᠶᠢᠪᠤᠰᠢᠷᠠᠭᠤᠯᠵᠤ ᠪᠤᠬᠢᠨᠢᠳᠤᠬᠤ ᠡᠪᠡᠳᠴᠢᠨ ᠢ ᠵᠤᠬᠢᠬᠤ ᠬᠡᠮᠵᠢᠶ᠎ᠡ ᠪᠠᠷ ᠬᠢᠵᠠᠭᠠᠷᠯᠠᠵᠤ ᠴᠢᠳᠠᠨ᠎ᠠ᠃
 
ᠢᠷᠡᠯᠲᠡ᠄ ᠠᠯᠠᠱᠠ ᠵᠡᠭᠦᠨ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号