| ᠭᠡᠦᠭᠡᠳ ᠤᠨ ᠪᠡᠶ᠎ᠡ ᠶᠢᠨ ᠦᠰᠦᠯᠳᠡ ᠳᠤ ᠪᠡᠶ᠎ᠡ ᠮᠠᠬᠠᠪᠤᠳ ᠤᠨ ᠡᠷᠡᠭᠦᠯ ᠴᠢᠬᠢᠷᠠᠭ ᠨᠢ ᠨᠦᠯᠦᠭᠡ ᠦᠵᠡᠬᠦᠯᠳᠡᠭ ᠢᠶᠠᠷ | ᠪᠠᠷᠠᠬᠤ ᠦᠭᠡᠢ ᠢᠳᠡᠰᠢ ᠤᠤᠭᠤᠰᠢᠨ ᠤ ᠰᠢᠮ᠎ᠡ ᠳᠡᠵᠢᠭᠡᠯ ᠨᠢ ᠴᠤ ᠨᠦᠯᠦᠭᠡ ᠦᠵᠡᠬᠦᠯᠳᠡᠭ᠃ ᠳᠡᠭᠡᠪᠡᠯ ᠭᠡᠦᠭᠡᠳ ᠤᠨ | ᠪᠡᠶ᠎ᠡ ᠶᠢᠨ ᠦᠰᠦᠯᠳᠡ ᠳᠤ ᠶᠠᠮᠠᠷ ᠵᠦᠢᠯ ᠤᠨ ᠰᠢᠮ᠎ᠡ ᠳᠡᠵᠢᠭᠡᠯᠳᠤ ᠢᠳᠡᠭᠡᠨ ᠭᠡᠷᠡᠭᠴᠡᠭᠡ ᠲᠠᠢ ᠪᠠᠶᠢᠳᠠᠭ ᠪᠤᠢ︖ | ᠪᠦᠸᠧᠼᠠᠢ ᠨᠤᠭᠤᠭ᠎ᠠ — ᠪᠦᠸᠧᠼᠠᠢ ᠨᠤᠭᠤᠭ᠎ᠠ ᠳᠤ ᠳᠡᠮᠤᠷ ᠪᠤᠯᠤᠨ ᠺᠠᠯᠼ ᠡᠯᠪᠡᠭ ᠠᠭᠤᠯᠤᠭᠳᠠᠵᠤ ᠪᠠᠶᠢᠳᠠᠭ᠃ | ᠭᠡᠪᠡᠴᠤ ᠤᠯᠠᠩᠬᠢ ᠭᠡᠦᠭᠡᠳ ᠪᠦᠸᠧᠼᠠᠢ ᠨᠤᠭᠤᠭ᠎ᠠ ᠢᠳᠡᠬᠦ ᠳᠤᠷ᠎ᠠ ᠦᠭᠡᠢ ᠪᠠᠶᠢᠳᠠᠭ ᠳᠤᠯᠠ ᠪᠦᠸᠧᠼᠠᠢ ᠨᠤᠭᠤᠭ᠎ᠠ ᠶᠢ | ᠬᠦᠢᠳᠡᠨ ᠵᠠᠭᠤᠰᠢ ᠪᠤᠯᠭᠠᠵᠤ ᠬᠢᠬᠦ ᠦᠭᠡᠢ ᠬᠠᠷᠢᠨ ᠵᠤᠷᠪᠤᠰᠯᠠᠨ ᠭᠡᠷᠴᠢᠵᠤ ᠪᠤᠳᠠᠭ᠎ᠠ ᠲᠠᠢ ᠬᠠᠭᠤᠷᠤᠭᠠᠳ ᠭᠡᠦᠭᠡᠳ ᠲᠡᠭᠡᠨ | ᠢᠳᠡᠭᠦᠯᠵᠤ ᠪᠤᠯᠦᠨ᠎ᠠ᠂ ᠡᠰᠡᠬᠦᠯ᠎ᠠ ᠤᠯᠠᠭᠠᠨ ᠨᠤᠭᠤᠭ᠎ᠠ ᠲᠠᠢ ᠪᠤᠯᠭᠤᠭᠠᠭᠰᠠᠨ ᠪᠤᠳᠠᠭᠠᠨ ᠳᠤ ᠬᠢᠵᠦ ᠢᠳᠡᠭᠦᠯᠦᠭᠰᠡᠨ ᠴᠤ | ᠪᠤᠯᠤᠨ᠎ᠠ᠃ | ᠬᠤᠯᠤᠤᠪᠠᠩ — ᠬᠤᠯᠤᠤᠪᠠᠩ ᠳᠤ ᠸᠢᠲ᠋ᠠᠮᠢᠨ A ᠡᠯᠪᠡᠭ ᠠᠭᠤᠯᠤᠭᠳᠠᠵᠤ ᠪᠠᠶᠢᠳᠠᠭ᠃ ᠸᠢᠲ᠋ᠠᠮᠢᠨ A ᠨᠢ | ᠤᠭᠤᠷᠠᠭ ᠤᠨ ᠪᠦᠷᠢᠯᠳᠦᠯᠳᠡ ᠳᠤ ᠬᠠᠪᠰᠤᠷᠤᠮᠵᠢ ᠪᠤᠯᠳᠠᠭ᠃ ᠬᠡᠦᠭᠡᠳ ᠪᠦᠬᠦᠯᠢ ᠬᠤᠯᠤᠤᠪᠠᠩ ᠢ ᠢᠳᠡᠬᠦ ᠳᠤᠷ᠎ᠠ ᠦᠭᠡᠢ | ᠪᠠᠶᠢᠳᠠᠭ ᠳᠤᠯᠠ ᠬᠤᠯᠤᠤᠪᠠᠩ ᠢᠶᠠᠷ ᠶᠠᠩᠵᠤ ᠪᠦᠷᠢ ᠶᠢᠨ ᠵᠠᠭᠤᠰᠢ ᠬᠢᠭᠡᠳ ᠭᠡᠦᠭᠡᠳ ᠲᠡᠭᠡᠨ ᠢᠳᠡᠭᠦᠯᠵᠦ ᠪᠤᠯᠤᠨ᠎ᠠ᠃ | ᠭᠡᠦᠭᠡᠳ ᠲᠤ ᠬᠤᠯᠤᠤᠪᠠᠩ ᠤᠨ ᠰᠢᠬᠦᠰᠤ ᠶᠢ ᠰᠢᠬᠠᠵᠤ ᠤᠤᠭᠤᠯᠭᠠᠭᠰᠠᠨ ᠴᠤ ᠪᠤᠯᠬᠤ ᠶᠤᠮ᠃ ᠭᠡᠦᠭᠡᠳ ᠬᠤᠯᠤᠤᠪᠠᠩ ᠤᠨ | ᠰᠢᠬᠦᠰᠦ ᠶᠢ ᠮᠦᠨ ᠤᠤᠭᠤᠬᠤ ᠳᠤᠷ᠎ᠠ ᠦᠭᠡᠢ ᠪᠠᠶᠢᠪᠠᠯ᠂ ᠬᠤᠯᠤᠤᠪᠠᠩ ᠢ ᠠᠯᠮᠤᠷᠠᠳ ᠲᠠᠢ ᠨᠡᠶᠢᠯᠡᠬᠦᠯᠵᠦ ᠰᠢᠬᠦᠰᠤ ᠶᠢ ᠨᠢ | ᠰᠢᠬᠠᠵᠤ ᠠᠪᠤᠭᠠᠳ ᠠᠯᠮᠤᠷᠠᠳ ᠤᠨ ᠠᠮᠳᠠ ᠪᠠᠷ ᠬᠤᠯᠤᠤᠪᠠᠩ ᠤᠨ ᠠᠮᠳᠠ ᠶᠢ ᠳᠠᠷᠤᠵᠤ ᠭᠡᠦᠭᠡᠳ ᠲᠤ ᠤᠤᠭᠤᠯᠭᠠᠵᠤ | ᠪᠤᠯᠤᠨ᠎ᠠ᠃ ᠡᠬᠦᠨ ᠠᠴᠠ ᠭᠠᠳᠠᠨ᠎ᠠ ᠬᠤᠯᠤᠤᠪᠠᠩ ᠢ ᠵᠤᠷᠪᠤᠰᠯᠠᠨ ᠭᠡᠷᠴᠢᠭᠡᠳ ᠳᠠᠬᠢᠶᠠᠨ ᠮᠢᠬ᠎ᠠ᠂ ᠭᠠᠭ᠋ᠠᠢ ᠶᠢᠨ ᠮᠢᠬ᠎ᠠ᠂ | ᠦᠭᠡᠷ ᠤᠨ ᠮᠢᠬ᠎ᠠ ᠲᠠᠢ ᠬᠠᠭᠤᠷᠤᠭᠠᠳ ᠭᠡᠦᠭᠡᠳ ᠲᠡᠭᠡᠨ ᠢᠳᠡᠭᠦᠯᠵᠦ ᠪᠤᠯᠤᠨ᠎ᠠ᠃ ᠢᠩᠬᠢᠬᠦ ᠨᠢ ᠢᠳᠡᠭᠦ ᠳᠤ ᠠᠮᠳᠠᠳᠠᠢ ᠪᠠᠷ | ᠪᠠᠷᠠᠬᠤ ᠦᠭᠡᠢ ᠪᠠᠰᠠ ᠳᠤᠩ ᠶᠡᠭᠡ ᠰᠢᠮ᠎ᠡ ᠳᠡᠵᠢᠭᠡᠯ ᠲᠠᠢ ᠪᠠᠶᠢᠳᠠᠭ᠃ | ᠦᠨᠢᠶᠡᠨ ᠰᠦ — ᠦᠨᠢᠶᠡᠨ ᠰᠦ ᠳᠤ ᠶᠠᠰᠤ ᠴᠢᠩᠭᠠᠷᠠᠭᠤᠯᠳᠠᠭ ᠺᠠᠯᠼ ᠡᠯᠪᠡᠭ ᠠᠭᠤᠯᠤᠭᠳᠠᠵᠤ ᠪᠠᠶᠢᠳᠠᠭ | ᠪᠦᠭᠡᠳ ᠪᠡᠶ᠎ᠡ ᠦᠰᠴᠤ ᠪᠠᠶᠢᠭ᠎ᠠ ᠭᠡᠦᠭᠡᠳ ᠤᠨ ᠪᠡᠶ᠎ᠡ ᠮᠠᠬᠠᠪᠤᠳ ᠴᠤ ᠦᠨᠢᠶᠠᠨ ᠰᠦ ᠶᠢ ᠠᠮᠠᠷᠬᠠᠨ ᠰᠢᠩᠭᠡᠭᠡᠨ ᠠᠪᠴᠤ | ᠴᠢᠳᠠᠳᠠᠭ᠃ ᠦᠨᠢᠶᠡᠨ ᠰᠦ ᠤᠤᠭᠤᠪᠠᠯ ᠯᠠᠪᠳᠠᠢ ᠪᠡᠶ᠎ᠡ ᠦᠰᠦᠨ᠎ᠡ ᠭᠡᠵᠦ ᠭᠡᠯᠡᠬᠦᠶᠡ ᠪᠡᠷᠭᠡ ᠪᠤᠯᠪᠠᠴᠤ ᠺᠠᠯᠼ ᠳᠤᠳᠠᠭᠳᠠᠪᠠᠯ | ᠪᠡᠶ᠎ᠡ ᠶᠢᠨ ᠦᠰᠦᠯᠳᠡ ᠯᠠᠪᠳᠠᠢ ᠨᠦᠯᠦᠭᠡᠯᠡᠭᠳᠡᠬᠦ ᠳᠤᠯᠠ ᠦᠨᠢᠶᠡᠨ ᠰᠦ ᠢᠯᠡᠬᠦᠦ ᠤᠤᠭᠤᠵᠤ ᠪᠠᠶᠢᠪᠠᠯ ᠰᠠᠶᠢᠨ ᠶᠤᠮ᠃ | ᠡᠳᠦᠷ ᠲᠤ ᠭᠤᠷᠪᠠᠨ ᠠᠶᠠᠭ᠎ᠠ ᠦᠨᠢᠶᠡᠨ ᠰᠦ ᠤᠤᠭᠤᠵᠤ ᠪᠠᠶᠢᠪᠠᠯ ᠭᠡᠦᠭᠡᠳ ᠤᠨ ᠪᠡᠶ᠎ᠡ ᠶᠢᠨ ᠦᠰᠦᠯᠳᠡ ᠳᠤ ᠭᠡᠷᠡᠭᠰᠡᠬᠦ | ᠺᠠᠯᠼ ᠯᠠᠪᠳᠠᠢ ᠳᠤᠳᠠᠭᠳᠠᠬᠤ ᠦᠭᠡᠢ ᠪᠤᠯᠤᠨ᠎ᠠ᠃ | ᠳᠠᠬᠢᠶᠠᠨ ᠦᠨᠳᠡᠭᠡ — ᠳᠠᠬᠢᠶᠠᠨ ᠦᠨᠳᠡᠭᠡ ᠪᠤᠯ ᠠᠮᠠᠷᠬᠠᠨ ᠤᠯᠳᠠᠳᠠᠭ ᠤᠭᠤᠷᠠᠭ ᠶᠡᠭᠡᠳᠡᠢ ᠢᠳᠡᠭᠡᠨ ᠪᠤᠯᠤᠨ᠎ᠠ᠃ | ᠦᠨᠳᠡᠭᠡᠨ ᠴᠠᠭᠠᠨ ᠳᠤ ᠨᠡᠩ ᠴᠤ ᠡᠯᠪᠡᠭ ᠳᠡᠯᠪᠡᠭ ᠤᠭᠤᠷᠠᠭ ᠠᠭᠤᠯᠤᠭᠳᠠᠵᠤ ᠪᠠᠶᠢᠳᠠᠭ ᠳᠤᠯᠠ ᠦᠨᠳᠡᠭᠡᠨ ᠴᠠᠭᠠᠨ ᠨᠢ | ᠭᠡᠦᠭᠡᠳ ᠤᠨ ᠪᠡᠶ᠎ᠡ ᠶᠢᠨ ᠦᠰᠦᠯᠳᠡ ᠳᠤ ᠳᠤᠩ ᠶᠡᠭᠡ ᠳᠤᠰᠠ ᠲᠠᠢ ᠪᠠᠶᠢᠳᠠᠭ᠃ ᠭᠡᠦᠭᠡᠳ ᠪᠠᠷᠤᠭ ᠪᠦᠷ ᠳᠠᠬᠢᠶᠠᠨ ᠦᠨᠳᠡᠭᠡ | ᠢᠳᠡᠬᠦ ᠳᠤᠷᠠᠳᠠᠢ ᠪᠠᠶᠢᠳᠠᠭ ᠴᠤ ᠦᠨᠳᠡᠭᠡᠨ ᠰᠢᠷ᠎ᠠ ᠶᠢᠨ ᠰᠦᠰᠦᠨ ᠤ ᠭᠤᠨᠠᠨ ᠠᠯᠺᠤᠤᠯ ᠨᠢ ᠭᠡᠦᠭᠡᠳ ᠢ ᠭᠡᠮᠳᠦᠭᠡᠴᠢᠭᠡᠪᠡᠯ | ᠶᠠᠭᠠᠬᠢᠨ᠎ᠠ ᠭᠡᠵᠦ ᠰᠠᠨᠠᠭᠠᠰᠢᠷᠠᠬᠤ ᠳᠠᠭᠠᠨ ᠵᠠᠷᠢᠮ ᠡᠭᠡᠴᠤᠤᠯ ᠭᠡᠦᠭᠡᠳ ᠲᠡᠭᠡᠨ ᠳᠠᠬᠢᠶᠠᠨ ᠦᠨᠳᠡᠭᠡ ᠢᠳᠡᠬᠦᠯᠬᠦ ᠳᠤᠷ᠎ᠠ ᠦᠭᠡᠢ | ᠪᠠᠶᠢᠳᠠᠭ᠃ ᠭᠡᠪᠡᠴᠤ ᠪᠡᠶ᠎ᠡ ᠦᠰᠴᠤ ᠪᠠᠶᠢᠭ᠎ᠠ ᠭᠡᠦᠭᠡᠳ ᠢ ᠰᠦᠰᠦᠨ ᠤ ᠭᠤᠨᠠᠨ ᠠᠯᠺᠤᠤᠯ ᠨᠦᠯᠦᠭᠡᠯᠡᠵᠦ ᠴᠢᠳᠠᠰᠢ ᠦᠭᠡᠢ | ᠶᠤᠮ᠃ ᠭᠡᠦᠭᠡᠳ ᠲᠤ ᠡᠳᠦᠷ ᠲᠤ ᠨᠢᠭᠡ ᠦᠨᠳᠡᠭᠡ ᠢᠳᠡᠭᠦᠯᠬᠦ ᠪᠤᠶᠤ ᠬᠤᠶᠠᠷ ᠡᠳᠦᠷ ᠲᠤ ᠨᠢᠭᠡ ᠦᠨᠳᠡᠭᠡ ᠢᠳᠡᠬᠦᠯᠵᠤ | ᠪᠠᠶᠢᠪᠠᠯ ᠰᠠᠶᠢᠨ ᠪᠢᠯᠡ᠃ | ᠬᠠᠷ᠎ᠠ ᠪᠤᠷᠴᠠᠭ — ᠪᠤᠷᠴᠠᠭ ᠪᠤᠯ ᠤᠭᠤᠷᠠᠭ ᠶᠡᠭᠡᠳᠡᠢ ᠢᠳᠡᠭᠡᠨ ᠪᠤᠯᠤᠨ᠎ᠠ᠃ ᠬᠠᠷ᠎ᠠ ᠪᠤᠷᠴᠠᠭ ᠲᠤ ᠤᠭᠤᠷᠠᠭ | ᠨᠡᠩ ᠡᠯᠪᠡᠭ ᠠᠭᠤᠯᠤᠭᠳᠠᠵᠤ ᠪᠠᠶᠢᠳᠠᠭ᠃ ᠭᠡᠦᠭᠡᠳ ᠤᠨ ᠪᠡᠶ᠎ᠡ ᠶᠢᠨ ᠦᠰᠦᠯᠳᠡ ᠳᠤ ᠬᠠᠷ᠎ᠠ ᠪᠤᠷᠴᠠᠭ ᠳᠤᠩ ᠳᠤᠰᠠᠳᠠᠢ | ᠪᠠᠶᠢᠳᠠᠭ ᠳᠤᠯᠠ ᠬᠠᠷ᠎ᠠ ᠪᠤᠷᠴᠠᠭ ᠢ ᠪᠤᠳᠠᠭᠠᠨ ᠳᠠᠭᠠᠨ ᠬᠢᠵᠦ ᠴᠢᠨᠠᠵᠤ ᠢᠳᠡᠭᠦ ᠪᠤᠶᠤ ᠪᠤᠷᠴᠠᠭ ᠤᠨ ᠵᠤᠳᠠᠩ ᠪᠤᠯᠭᠠᠨ | ᠡᠳ᠋ᠰᠢᠬᠦᠯᠦᠭᠡᠳ ᠤᠤᠭᠤᠵᠤ ᠪᠤᠯᠤᠨ᠎ᠠ᠃ | | | | |