| ᠠᠷᠢᠬᠢ ᠤᠤᠭᠤᠵᠤ ᠪᠠᠷᠠᠮᠠᠭᠴᠠ ᠵᠠᠷᠢᠮ ᠬᠦᠮᠦᠨ ᠤ ᠴᠢᠷᠠᠢ ᠨᠢ ᠤᠯᠠᠶᠢᠬᠤ ᠳᠤ᠂ ᠵᠠᠷᠢᠮ ᠬᠦᠮᠦᠨ ᠤ ᠴᠢᠷᠠᠢ ᠨᠢ | ᠴᠠᠶᠢᠳᠠᠭ᠃ ᠡᠨᠡ ᠨᠢ ᠶᠠᠮᠠᠷ ᠤᠴᠢᠷ ᠠᠴᠠ ᠪᠤᠢ︖ ︽ᠠᠷᠢᠬᠢ ᠤᠤᠭᠤᠪᠠᠯ ᠴᠢᠷᠠᠢ ᠨᠢ ᠤᠯᠠᠶᠢᠳᠠᠭ ᠬᠦᠮᠦᠨ ᠠᠮᠠᠷᠬᠠᠨ | ᠰᠤᠭᠳᠤᠬᠤ ᠦᠭᠡᠢ︾ ᠬᠡᠵᠦ ᠲᠠᠶᠢᠯᠠᠯᠭ᠎ᠠ ᠶᠢᠨ ᠰᠢᠷᠡᠭᠡᠨ ᠳᠤ ᠦᠷᠬᠦᠯᠵᠢ ᠶᠠᠷᠢᠳᠠᠭ ᠡᠨᠡᠬᠦ ᠦᠭᠡ ᠨᠡᠭᠡᠷᠡᠨ ᠵᠦᠪ ᠤᠤ︖ | ᠠᠷᠢᠬᠢ ᠤᠤᠭᠤᠬᠤ ᠦᠶᠡᠰ ᠪᠢᠳᠡ ᠶᠠᠮᠠᠷ ᠶᠠᠮᠠᠷ ᠠᠰᠠᠭᠤᠳᠠᠯ ᠢ ᠠᠩᠬᠠᠷᠪᠠᠯ ᠰᠠᠶ᠋ᠢ ᠡᠷᠡᠬᠦᠯ ᠮᠡᠨᠳᠦ ᠳᠤ ᠠᠰᠢᠭᠳᠠᠢ ᠪᠤᠢ︖ | ᠶᠠᠭᠠᠬᠢᠭᠠᠳ ᠵᠠᠷᠢᠮ ᠬᠦᠮᠦᠨ ᠠᠷᠢᠬᠢ ᠤᠤᠭᠤᠪᠠᠯ ᠴᠢᠷᠠᠢ ᠨᠢ ᠤᠯᠠᠶᠢᠳᠠᠭ ᠪᠤᠢ | ᠲᠤᠰᠬᠠᠢ ᠮᠡᠷᠭᠡᠵᠢᠯᠳᠡᠨ ᠤ ᠵᠢᠭᠠᠵᠤ ᠭᠠᠷᠭᠠᠭᠰᠠᠨ ᠢᠶᠠᠷ᠂ ᠠᠷᠢᠬᠢᠨ ᠤ ᠰᠫᠢᠷᠲ ᠬᠦᠮᠦᠨ ᠤ ᠪᠡᠶ᠎ᠡ ᠳᠤ | ᠤᠷᠤᠭᠰᠠᠨ ᠤ ᠲᠠᠷᠠᠭ᠎ᠠ᠂ ᠵᠠᠳᠠᠷᠠᠭᠠᠳ ᠡᠲ᠋ᠢᠯ ᠠᠯᠳᠧᠬᠢᠳ᠋ ᠪᠤᠯᠳᠠᠭ᠃ ᠡᠲ᠋ᠢᠯ ᠠᠯᠳᠧᠬᠢᠳ᠋ ᠪᠤᠯ ᠬᠦᠮᠦᠨ ᠤ ᠪᠡᠶ᠎ᠡ ᠮᠠᠬᠠᠪᠤᠳ | ᠲᠤ ᠬᠤᠤᠷᠠᠳᠠᠢ ᠪᠤᠳᠠᠰ ᠮᠦᠨ᠃ ᠬᠦᠮᠦᠨ ᠤ ᠪᠡᠶ᠎ᠡ ᠶᠢᠨ ᠲᠤᠳᠤᠷᠠᠬᠢ ᠨᠢᠭᠡ ᠵᠦᠢᠯ ᠤᠨ ᠢᠰᠦᠯ ᠨᠢ ᠡᠲ᠋ᠢᠯ ᠠᠯᠳᠧᠬᠢᠳ᠋ ᠢ | ᠵᠠᠳᠠᠷᠠᠭᠤᠯᠬᠤ ᠦᠢᠯᠡᠳᠦᠯ ᠲᠠᠢ᠃ ᠲᠡᠮᠡᠢ ᠠᠷᠢᠬᠢ ᠤᠤᠭᠤᠵᠤ ᠴᠢᠳᠠᠬᠤ ᠦᠭᠡᠢ ᠬᠦᠮᠦᠨ ᠤ ᠡᠶᠢᠮᠦᠷᠬᠦ ᠵᠦᠢᠯ ᠤᠨ | ᠢᠰᠦᠯ ᠤᠨ ᠵᠠᠳᠠᠷᠠᠭᠤᠯᠬᠤ ᠴᠢᠳᠠᠪᠬᠢ ᠨᠢ ᠠᠨᠠᠢ ᠪᠠᠶᠢᠳᠠᠭ᠃ ᠡᠶᠢᠮᠦ ᠠᠴᠠ ᠴᠢᠷᠠᠢ ᠨᠢ ᠤᠯᠠᠶᠢᠨ᠎ᠠ᠃ | ᠡᠲ᠋ᠢᠯ ᠠᠯᠳᠧᠬᠢᠳ᠋ ᠨᠢ ᠦᠰᠦᠨ ᠤ ᠰᠦᠪᠡ ᠶᠢᠨ ᠨᠠᠷᠢᠨ ᠴᠢᠰᠤᠨ ᠰᠤᠳᠠᠯ ᠢ ᠲᠡᠯᠡᠷᠡᠬᠦᠯᠬᠦ ᠴᠢᠳᠠᠪᠬᠢ ᠲᠠᠢ᠃ | ᠨᠢᠭᠤᠷ ᠤᠨ ᠬᠡᠰᠡᠭ ᠤᠨ ᠨᠠᠷᠢᠨ ᠴᠢᠰᠤᠨ ᠰᠤᠳᠠᠯ ᠲᠡᠯᠡᠭᠰᠡᠨ ᠨᠢ ᠲᠠᠷᠤᠢ ᠴᠢᠷᠠᠢ ᠤᠯᠠᠶᠢᠬᠤ ᠭᠤᠤᠯ ᠰᠢᠯᠳᠠᠭᠠᠨ ᠮᠦᠨ᠃ | ᠡᠶᠢᠮᠦ ᠠᠴᠠ ᠠᠷᠢᠬᠢ ᠤᠤᠭᠤᠮᠠᠭᠴᠠ ᠪᠠᠨ ᠴᠢᠷᠠᠢ ᠤᠯᠠᠶᠢᠳᠠᠭ ᠬᠦᠮᠦᠨ ᠡᠲ᠋ᠢᠯ ᠠᠯᠺᠤᠤᠯ ᠢ ᠡᠲ᠋ᠢᠯ ᠠᠯᠳᠧᠬᠢᠳ᠋ ᠪᠤᠯᠭᠠᠨ | ᠬᠤᠪᠢᠷᠠᠭᠤᠯᠵᠤ ᠪᠠᠶᠢᠭ᠎ᠠ ᠶᠢ ᠬᠠᠷᠠᠭᠤᠯᠵᠤ ᠪᠠᠶᠢᠨ᠎ᠠ᠃ ᠲᠤᠬᠠᠢᠢᠯᠠᠪᠠᠯ᠂ ᠲᠡᠳᠡ ᠡᠲ᠋ᠢᠯ ᠠᠯᠺᠤᠤᠯ ᠢ ᠵᠠᠳᠠᠷᠠᠭᠤᠯᠬᠤ ᠦᠨᠳᠦᠷ | ᠢᠰᠦᠯ ᠲᠠᠢ᠃ ᠬᠡᠪᠡᠴᠦ ᠪᠠᠰᠠ ᠨᠢᠭᠡ ᠵᠦᠢᠯ ᠤᠨ ᠢᠰᠦᠯ — ᠡᠲ᠋ᠢᠯ ᠠᠯᠳᠧᠬᠢᠳ᠋ ᠢ ᠵᠠᠳᠠᠷᠠᠭᠤᠯᠬᠤ ᠢᠰᠦᠯ ᠪᠠᠶᠢᠬᠤ ᠶᠢ | ᠪᠢᠳᠡ ᠮᠠᠷᠳᠠᠵᠤ ᠪᠤᠯᠬᠤ ᠦᠭᠡᠢ᠃ ᠠᠷᠢᠬᠢ ᠤᠤᠭᠤᠪᠠᠯ ᠴᠢᠷᠠᠢ ᠨᠢ ᠤᠯᠠᠶᠢᠳᠠᠭ ᠬᠦᠮᠦᠨ ᠵᠦᠪᠬᠡᠨ ᠡᠮᠦᠨᠡᠬᠢ ᠨᠢᠭᠡ | ᠵᠦᠢᠯ ᠤᠨ ᠢᠰᠦᠯ ᠪᠠᠶᠢᠵᠤ᠂ ᠬᠤᠶᠢᠨᠠᠬᠢ ᠨᠢᠭᠡ ᠵᠦᠢᠯ ᠤᠨ ᠢᠰᠦᠯ ᠪᠠᠶᠢᠬᠤ ᠦᠭᠡᠢ᠂ ᠡᠶᠢᠮᠦ ᠠᠴᠠ ᠪᠡᠶ᠎ᠡ ᠶᠢᠨ ᠲᠤᠳᠤᠷ᠎ᠠ | ᠡᠲ᠋ᠢᠯ ᠠᠯᠳᠧᠬᠢᠳ᠋ ᠦᠳᠳᠡᠷ ᠲᠦᠷᠭᠡᠨ ᠬᠤᠷᠠᠨ ᠴᠤᠭᠯᠠᠷᠠᠵᠤ ᠵᠠᠳᠠᠷᠠᠵᠤ ᠲᠡᠶᠢᠯᠬᠦ ᠦᠭᠡᠢ ᠪᠤᠯᠬᠤᠷ ᠴᠢᠷᠠᠢ ᠶᠢ ᠤᠯᠠᠶᠢᠯᠭᠠᠳᠠᠭ | ᠃ ᠬᠡᠪᠡᠴᠦ᠂ ᠤᠯᠠᠭᠠᠨ ᠦᠩᠭᠡ 1-2 ᠴᠠᠭ ᠤᠨ ᠲᠠᠷᠠᠭ᠎ᠠ ᠢᠳᠡᠭ ᠢᠳᠡᠭ ᠢᠶᠠᠷ ᠬᠠᠷᠢᠳᠠᠭ ᠢ ᠪᠢᠳᠡ ᠪᠦᠷ ᠮᠡᠳᠡᠨ᠎ᠡ᠃ | ᠡᠨᠡ ᠪᠤᠯ ᠡᠯᠢᠭᠡᠨ ᠤ ᠲᠤᠳᠤᠷᠠᠬᠢ P450 ᠡᠲ᠋ᠢᠯ ᠠᠯᠳᠧᠬᠢᠳ᠋ ᠢ ᠠᠭᠠᠵᠢᠮ ᠢᠶᠠᠷ ᠡᠲ᠋ᠢᠯ ᠬᠦᠴᠢᠯ ᠪᠤᠯᠭᠠᠨ | ᠬᠤᠪᠢᠷᠠᠭᠤᠯᠤᠭᠰᠠᠨ ᠤ ᠲᠠᠷᠠᠭ᠎ᠠ TCA ᠰᠢᠰᠲ᠋ᠧᠮ ᠳᠤ ᠤᠷᠤᠭᠤᠯᠵᠤ ᠰᠢᠨ᠎ᠡ ᠬᠠᠭᠤᠴᠢᠨ ᠤ ᠰᠤᠯᠢᠯᠴᠠᠭ᠎ᠠ ᠶᠢ | ᠠᠬᠢᠭᠤᠯᠤᠭᠰᠠᠨ ᠳᠤ ᠤᠷᠤᠰᠢᠨ᠎ᠠ᠃ |