ᠶᠠᠭᠠᠬᠢᠭᠠᠳ ᠵᠠᠷᠢᠮ ᠬᠦᠮᠦᠨ ᠠᠷᠢᠬᠢ ᠤᠤᠭᠤᠪᠠᠯ ᠴᠢᠷᠠᠢ ᠨᠢ ᠴᠠᠶᠢᠳᠠᠭ ᠪᠤᠢ
ᠨᠡᠶᠢᠲᠡᠯᠡᠭᠰᠡᠨ ᠴᠠᠭ᠄
2022/9/2
      ᠲᠡᠭᠡᠪᠡᠯ᠂ ᠠᠷᠢᠬᠢ ᠰᠠᠶᠢᠨ ᠤᠤᠭᠤᠳᠠᠭ ᠬᠦᠮᠦᠰ ᠶᠠᠮᠠᠷ ᠪᠠᠶᠢᠳᠠᠭ ᠪᠤᠢ︖ ᠡᠳᠡᠭᠡᠷ ᠬᠦᠮᠦᠰ ᠤᠤᠭᠤᠬᠤ ᠲᠤᠳᠤᠮ ᠴᠢᠷᠠᠢ ᠨᠢ ᠴᠠᠶᠢᠵᠤ ᠪᠠᠶᠢᠭᠰᠠᠭᠠᠷ᠂ ᠨᠢᠭᠡ ᠬᠡᠮᠵᠢᠶᠡᠨ ᠳᠤ ᠬᠦᠷᠪᠡᠯ ᠱᠠᠯ ᠫᠢᠯ ᠰᠤᠭᠳᠤᠳᠠᠭ᠃ ᠡᠳᠡᠭᠡᠷ ᠬᠦᠮᠦᠰ ᠲᠤ ᠢᠳᠡᠪᠬᠢ ᠡᠲ᠋ᠢᠯ ᠠᠯᠺᠤᠤᠯ ᠢ ᠵᠠᠳᠠᠷᠠᠭᠤᠯᠬᠤ ᠢᠰᠦᠯ ᠬᠢᠭᠡᠳ ᠡᠲ᠋ᠢᠯ ᠠᠯᠳᠧᠬᠢᠳ᠋ ᠢ ᠵᠠᠳᠠᠷᠠᠭᠤᠯᠬᠤ ᠢᠰᠦᠯ ᠪᠦᠷ ᠪᠠᠶᠢᠬᠤ ᠦᠭᠡᠢ᠃ ᠭᠤᠤᠯ ᠨᠢ ᠡᠯᠢᠭᠡᠨ ᠤ P450᠎ ᠳᠤ ᠲᠦᠰᠢᠭᠯᠡᠵᠦ ᠠᠭᠠᠵᠢᠮ ᠢᠶᠠᠷ ᠢᠰᠦᠯᠳᠦᠬᠦᠯᠵᠦ ︵ᠤᠴᠷᠢ ᠨᠢ P450 ᠪᠤᠯ ᠦᠪᠡᠷᠮᠢᠴᠡ ᠰᠢᠨᠵᠢ ᠲᠤᠤᠷ᠎ᠠ ᠢᠰᠦᠯᠳᠦᠬᠦᠯᠦᠭᠴᠢ ᠮᠦᠨ︶ ᠪᠤᠢ᠃ ᠲᠡᠭᠡᠪᠡᠯ᠂ ᠡᠶᠢᠮᠦᠷᠬᠦ ᠬᠦᠮᠦᠰ ᠶᠠᠭᠠᠬᠢᠭᠠᠳ       ᠪᠤᠰᠤᠳ ᠲᠤ ᠠᠷᠢᠬᠢ ᠰᠠᠶᠢᠨ ᠤᠤᠭᠤᠵᠤ ᠲᠡᠶᠢᠯᠳᠡᠭ ᠬᠡᠬᠦ ᠲᠦᠷᠦᠭᠳᠡᠯ ᠦᠭᠳᠡᠭ ᠪᠢᠯᠠ︖ ᠲᠡᠳᠡ ᠪᠡᠶ᠎ᠡ ᠶᠢᠨ ᠲᠤᠳᠤᠷᠠᠬᠢ ᠰᠢᠩᠭᠡᠨ ᠪᠡᠶᠡᠳᠦ ᠪᠠᠷ ᠲᠠᠮᠵᠢᠭᠤᠯᠵᠤ ᠠᠷᠢᠬᠢᠨ ᠤ ᠰᠫᠢᠷᠲ ᠢ ᠰᠢᠩᠭᠡᠷᠡᠬᠦᠯᠵᠦ᠂ ᠪᠡᠶ᠎ᠡ ᠨᠢ ᠬᠦᠳᠡᠷ ᠪᠢᠷᠠᠯᠢᠭ᠋ ᠲᠤᠳᠤᠮ ᠠᠷᠢᠬᠢ ᠰᠠᠶᠢᠨ ᠤᠤᠭᠤᠳᠠᠭ ᠲᠦᠷᠦᠭᠳᠡᠯ ᠦᠭᠳᠡᠭ᠃ ᠬᠡᠪ ᠤᠨ ᠪᠠᠶᠢᠳᠠᠯ ᠲᠤᠤᠷ᠎ᠠ᠂ ᠠᠷᠢᠬᠢᠨ ᠤ ᠰᠫᠢᠷᠲ ᠤᠨ ᠦᠳᠭᠡᠴᠡ ᠨᠢ 0.1%᠎ ᠠᠴᠠ ᠬᠡᠳᠦᠷᠡᠬᠦ ᠦᠶᠡᠰ ᠲᠡᠳᠡ ᠰᠠᠶ᠋ᠢ ᠰᠤᠭᠳᠤᠨ᠎ᠠ᠃ ᠲᠤᠮᠳᠠᠳᠤ ᠤᠯᠤᠰ ᠤᠨ ᠤᠯᠠᠩᠬᠢ ᠡᠮᠦᠨᠡᠳᠦ ᠤᠷᠤᠨ ᠤ ᠬᠦᠮᠦᠰ ᠬᠠᠭᠠᠰ ᠵᠢᠩ ᠬᠠᠷ᠎ᠠ ᠠᠷᠢᠬᠢ ᠤᠤᠭᠤᠵᠤ ᠲᠡᠶᠢᠯᠬᠦ ᠳᠤ᠂ ᠤᠮᠠᠷᠠᠳᠤ ᠤᠷᠤᠨ ᠤ ᠬᠦᠮᠦᠰ ᠪᠡᠶ᠎ᠡ ᠮᠠᠬᠠᠪᠤᠳ ᠬᠦᠳᠡᠷᠯᠢᠭ ᠪᠤᠯᠬᠤᠷ 8 ᠯᠠᠩ ᠠᠴᠠ ᠨᠢᠭᠡ ᠵᠢᠩ ᠬᠠᠷ᠎ᠠ ᠠᠷᠢᠬᠢ ᠤᠤᠭᠤᠵᠤ ᠲᠡᠶᠢᠯᠦᠨ᠎ᠡ᠃ ᠬᠡᠪᠡᠴᠦ᠂ ᠶᠠᠮᠠᠷᠴᠤ ᠬᠦᠮᠦᠨ ᠬᠡᠰᠡᠨ ᠦᠭᠡᠢ᠂ ᠴᠢᠷᠠᠢ ᠨᠢ ᠤᠯᠠᠶᠢᠭᠰᠠᠨ ᠴᠦ᠂ ᠡᠰᠡᠬᠦᠯ᠎ᠡ ᠴᠢᠷᠠᠢ ᠨᠢ ᠴᠠᠶᠢᠭᠰᠠᠨ ᠴᠦ ᠬᠠᠮᠤᠭ ᠰᠠᠶᠢᠨ ᠨᠢ ᠬᠠᠭᠠᠰ ᠵᠢᠩ ᠠᠴᠠ ᠢᠯᠡᠬᠦᠦ ᠤᠤᠭᠤᠬᠤ ᠦᠭᠡᠢ ᠪᠤᠯᠪᠠᠯ ᠵᠤᠬᠢᠨ᠎ᠠ᠃ ᠲᠡᠶᠢᠮᠦ ᠪᠢᠰᠢ ᠪᠤᠯ ᠲᠦᠷᠭᠡᠨ ᠴᠢᠨᠠᠷᠳᠠᠢ ᠠᠷᠢᠬᠢᠨ ᠤ ᠰᠫᠢᠷᠲ ᠎ ᠲᠤ ᠬᠤᠤᠷᠠᠳᠤᠭᠳᠠᠵᠤ ᠮᠡᠳᠡᠨ᠎ᠡ᠃  
 
ᠢᠷᠡᠯᠲᠡ᠄ ᠠᠯᠠᠱᠠ ᠵᠡᠭᠦᠨ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号