﹇ᠪᠣᠳᠠᠰ ᠤᠨ ᠪᠤᠰᠤ ᠰᠣᠶᠣᠯ ᠤᠨ ᠥᠪ﹈ ᠠᠯᠠᠱᠠ ᠠᠭᠤᠯᠠᠨ ᠳᠤ ᠠᠪᠠᠯᠠᠵᠤ ᠠᠩᠴᠢᠨ ᠵᠠᠯᠠᠭᠤ ᠰᠣᠨᠢᠨ ᠠᠮᠢᠳᠠᠨ ᠲᠠᠢ ᠲᠠᠭᠠᠷᠠᠯᠳᠤᠭᠰᠠᠨ
ᠨᠡᠶᠢᠲᠡᠯᠡᠭᠰᠡᠨ ᠴᠠᠭ᠄
2024/12/26
             ᠯᠣᠪᠰᠠᠩᠳᠣᠷᠵᠢ ᠨᠣᠶᠠᠨ ᠤ ᠦᠶ᠎ᠡ ᠠᠴᠠ ᠠᠯᠠᠱᠠ ᠬᠤᠰᠢᠭᠤ ᠨᠢ ᠪᠦᠭᠦ ᠨᠤᠲᠤᠭ ᠭᠠᠵᠠᠷ ᠢᠶᠠᠨ ᠵᠢᠷᠭᠤᠭᠠᠨ ᠬᠡᠰᠡᠭ ᠬᠤᠪᠢᠶᠠᠨ ᠵᠠᠬᠢᠷᠴᠤ᠂ ᠳᠥᠷᠪᠡᠳᠦᠭᠡᠷ ᠦᠶ᠎ᠡ ᠶᠢᠨ ᠲᠠᠪᠤᠳᠤᠭᠠᠷ ᠨᠣᠶᠠᠨ ᠪᠤᠯᠬᠤ ᠮᠠᠾᠠᠪᠠᠯᠠ ᠸᠠᠩ ᠤᠨ ᠦᠶ᠎ᠡ ᠳᠤ ᠭᠦᠷᠦᠭᠰᠡᠨ ᠪᠠᠶᠢᠨ᠎ᠠ᠃ ᠮᠠᠾᠠᠪᠠᠯᠠ ᠸᠠᠩ ᠡᠴᠢᠭᠡ ᠸᠠᠩ ᠤᠨ ᠢᠶᠠᠨ ᠬᠠᠭᠤᠴᠢᠨ ᠳᠦᠷᠢᠮ ᠢ ᠥᠭᠡᠷᠡᠴᠢᠯᠡᠨ ᠭᠠᠵᠠᠷ ᠨᠤᠲᠤᠭ ᠤᠨ ᠶᠡᠭᠡ ᠪᠠᠭ᠎ᠠ ᠪᠠ ᠠᠶᠢᠯ ᠡᠷᠦᠭᠡ ᠶᠢᠨ ᠤᠯᠠᠨ ᠴᠥᠭᠡᠨ ᠤ ᠪᠠᠶᠢᠳᠠᠯ ᠢ ᠦᠨᠳᠦᠰᠦᠯᠡᠨ ᠪᠦᠭᠦ ᠬᠤᠰᠢᠭᠤ ᠪᠠᠨ ᠭᠤᠴᠢᠨ ᠵᠢᠷᠭᠤᠭᠠᠨ ᠪᠠᠭ ᠲᠤ ᠲᠡᠭᠰᠢᠯᠡᠨ ᠬᠤᠪᠢᠶᠠᠵᠤ ᠵᠠᠬᠢᠷᠬᠤ ᠪᠣᠯᠵᠠᠢ᠃ ᠡᠳᠡᠭᠡᠷ ᠭᠤᠴᠢᠨ ᠵᠢᠷᠭᠤᠭᠠᠨ ᠪᠠᠭ ᠤᠨ ᠨᠡᠷ᠎ᠡ ᠨᠢ ᠴᠥᠮ ᠲᠤᠰ ᠲᠤᠰ ᠲᠠᠭᠠᠨ ᠦᠨᠳᠦᠰᠦ ᠡᠭᠦᠰᠬᠡᠯ ᠲᠠᠢ᠂ ᠵᠠᠷᠢᠮ ᠎ ᠨᠢ ᠪᠦᠷ ᠴᠤ ᠡᠷᠲᠡ ᠬᠠᠭᠤᠴᠢᠨ ᠤ ᠦᠯᠢᠭᠡᠷ ᠲᠤᠮᠤᠭ ᠤᠳ ᠲᠠᠢ ᠬᠤᠯᠪᠣᠭᠳᠠᠨ᠎ᠠ᠃ ᠡᠭᠦᠨ ᠤ ᠳᠣᠲᠣᠷ᠎ᠠ ᠤᠷᠳᠤ ᠶᠢᠨ ᠪᠠᠭ ᠭᠡᠳᠡᠭ ᠪᠠᠭ ᠪᠠᠶᠢᠭᠰᠠᠨ ᠪᠥᠭᠡᠳ ᠨᠡᠷ᠎ᠡ ᠶᠢᠨ ᠢᠷᠡᠯᠲᠡ ᠨᠢ ᠡᠶᠢᠮᠦᠷᠬᠦᠦ ᠦᠯᠢᠭᠡᠷ ᠲᠤᠮᠤᠭ ᠲᠠᠢ ᠠᠵᠢ᠃                            ᠠᠯᠠᠱᠠ ᠠᠭᠤᠯᠠᠨ ᠳᠤ ᠠᠪᠠᠯᠠᠵᠤ ᠠᠩᠴᠢᠨ ᠵᠠᠯᠠᠭᠤ ᠰᠣᠨᠢᠨ ᠠᠮᠢᠳᠠᠨ ᠲᠠᠢ ᠲᠠᠭᠠᠷᠠᠯᠳᠤᠭᠰᠠᠨ              ᠤᠷᠢᠳᠤ ᠴᠠᠭ ᠨᠢᠭᠡ ᠠᠩᠴᠢᠨ ᠪᠠᠶᠢᠵᠠᠢ᠃ ᠨᠢᠭᠡ ᠡᠳᠦᠷ ᠠᠯᠠᠱᠠ ᠠᠭᠤᠯᠠᠨ ᠳᠤ ᠭᠥᠷᠥᠭᠡᠯᠡᠵᠦ ᠶᠠᠪᠤᠲᠠᠯ᠎ᠠ ᠨᠢᠭᠡ ᠰᠣᠨᠢᠨ ᠠᠮᠢᠳᠠᠨ ᠲᠠᠢ ᠲᠠᠭᠠᠷᠠᠯᠳᠤᠵᠠᠢ᠃ ᠬᠥᠮᠥᠨ ᠭᠡᠬᠦᠯᠡᠷ ᠪᠡᠶ᠎ᠡ ᠪᠠᠷ ᠢᠶᠠᠨ ᠳᠦᠭᠦᠷᠡᠩ ᠨᠣᠣᠰᠣ ᠲᠠᠢ᠂ ᠬᠥᠮᠥᠨ ᠪᠢᠰᠢ ᠭᠡᠬᠦᠯ᠎ᠡ ᠬᠥᠮᠥᠨ ᠲᠠᠢ ᠠᠳᠠᠯᠢ ᠭᠠᠷ ᠬᠥᠯ ᠤᠨ ᠢᠯᠭᠠᠪᠤᠷᠢ ᠲᠠᠢ᠂ ᠰᠠᠶᠢᠨ ᠪᠦᠳᠦᠭᠦᠨ ᠪᠥᠬᠡᠴᠢᠨ ᠡᠷ᠎ᠡ ᠰᠢᠭ ᠬᠦᠳᠡᠷ ᠥᠨᠳᠥᠷ ᠪᠡᠶ᠎ᠡ ᠲᠠᠢ᠂ ᠲᠡᠶᠢᠮᠦ ᠨᠢᠭᠡ ᠰᠦᠷᠡᠬᠡᠢ ᠶᠠᠩᠵᠤ ᠶᠢᠨ ᠠᠮᠢᠳᠠᠨ ᠠᠭᠤᠯᠠᠨ ᠤ ᠭᠤᠣᠯ ᠤᠷᠤᠭᠤᠳᠠᠨ ᠠᠩᠴᠢᠨ ᠤ ᠥᠭᠡᠳᠡ ᠠᠴᠠ ᠢᠷᠡᠵᠦ ᠶᠠᠪᠤᠨ᠎ᠠ ᠭᠡᠨ᠎ᠡ᠃ ᠠᠩᠴᠢᠨ ᠪᠠᠭ᠋ᠠᠨ ᠠᠶᠢᠳᠠᠰ ᠬᠦᠷᠴᠦ ᠦᠬᠡᠷ ᠴᠢᠯᠠᠭᠤᠨ ᠤ ᠠᠷᠤ ᠳᠤ ᠪᠡᠶ᠎ᠡ ᠪᠠᠨ ᠳᠠᠯᠳᠠᠯᠠᠨ ᠳᠤᠲᠠᠭᠠᠬᠤ ᠪᠢᠯᠡ ᠤᠤ ᠭᠡᠵᠦ ᠪᠤᠳᠤᠬᠰᠠᠨ ᠪᠤᠯᠪᠠᠴᠤ ᠪᠠᠰᠠ ᠲᠡᠷᠡ ᠠᠮᠢᠳᠠᠨ ᠤ ᠶᠠᠭᠠᠬᠢᠬᠤ ᠶᠢ ᠨᠢ ᠦᠵᠡᠬᠦ ᠭᠡᠵᠦ ᠬᠦᠰᠡᠬᠦ ᠲᠤᠯᠠ ᠨᠤᠮᠤ ᠰᠤᠮᠤ ᠪᠠᠨ ᠵᠡᠬᠡᠵᠦ ᠠᠪᠤᠭᠠᠳ ᠭᠡᠳᠡᠨ ᠬᠠᠷᠠᠵᠤ ᠵᠣᠭᠰᠣᠵᠠᠢ᠃ ᠲᠡᠭᠡᠭᠡᠳ ᠬᠠᠷᠠᠵᠤ ᠪᠠᠶᠢᠲᠠᠯ᠎ᠠ ᠲᠡᠷᠡ ᠠᠮᠢᠳᠠᠨ ᠬᠠᠷᠢᠨ ᠪᠠᠷᠠᠭᠤᠨ ᠮᠥᠷᠥᠨ ᠳᠡᠭᠡᠷ᠎ᠡ ᠪᠠᠨ ᠨᠢᠭᠡ ᠭᠤᠵᠣᠭᠤᠷ ᠤᠷᠳᠤ ᠤᠭᠤᠲᠠ ᠲᠠᠢ ᠶᠠᠭᠤᠮ᠎ᠠ ᠲᠣᠬᠤᠴᠢᠬᠠᠭᠰᠠᠨ ᠶᠠᠪᠤᠵᠤ ᠪᠠᠶᠢᠭ᠎ᠠ ᠭᠡᠨ᠎ᠡ᠃ ᠲᠡᠷᠡ ᠤᠭᠤᠲᠠ ᠎ ᠨᠢ ᠮᠥᠨ ᠲᠡᠭᠦᠨ ᠤ ᠪᠡᠶ᠎ᠡ ᠲᠠᠢ ᠨᠢᠭᠡᠨ ᠠᠳᠠᠯᠢ ᠪᠢᠲᠡᠭᠦᠦ ᠬᠠᠷ᠎ᠠ ᠨᠤᠤᠰᠤᠳᠠᠢ ᠠᠵᠢ᠃ ᠲᠡᠭᠡᠵᠦ ᠪᠠᠶᠢᠲᠠᠯ᠎ᠠ ᠲᠡᠷᠡ ᠠᠮᠢᠳᠠᠨ ᠭᠡᠨᠡᠳᠲᠡᠬᠡᠨ ᠵᠤᠭ ᠲᠤᠰᠤᠭᠠᠳ ᠶᠠᠮᠠᠷ ᠨᠢᠭᠡᠨ ᠶᠠᠭᠤᠮᠠᠨ ᠤ ᠠᠨᠢᠷ ᠪᠤᠶᠤ ᠦᠨᠦᠷ ᠠᠪᠤᠭᠰᠠᠨ ᠮᠡᠲᠦ ᠡᠶᠢᠰᠢ ᠲᠡᠶᠢᠰᠢ ᠪᠠᠨ ᠥᠯᠢᠯᠵᠡᠨ ᠰᠦᠷᠡᠬᠡᠢ ᠬᠠᠷᠠᠵᠤ᠂ ᠬᠤᠶᠠᠷ ᠭᠠᠷ ᠢᠶᠠᠷ ᠢᠶᠠᠨ ᠮᠥᠷᠥᠨ ᠳᠡᠭᠡᠷᠡᠬᠢ ᠤᠭᠤᠲᠠ ᠲᠠᠢ ᠶᠠᠭᠤᠮ᠎ᠠ ᠪᠠᠨ ᠳᠡᠭᠡᠭᠰᠢ ᠨᠢ ᠡᠷᠭᠦᠰᠬᠢᠨ ᠮᠠᠭᠤᠬᠠᠢ ᠲᠠᠭᠤ ᠪᠠᠷ ᠠᠷᠬᠢᠷᠠᠬᠤ ᠳᠤ ᠲᠡᠷᠡ ᠲᠠᠭᠤᠨ ᠳᠤᠨᠢ ᠠᠭᠤᠯᠠᠨ ᠵᠠᠪᠠ ᠴᠤᠤᠷᠢᠶᠠᠯᠠᠨ ᠨᠦᠷᠭᠢᠯᠡᠭᠦ‍ ᠰᠢᠭ ᠪᠣᠯᠵᠠᠢ᠃ ᠵᠠ᠂ ᠡᠨᠡ ᠴᠤ ᠯᠠᠪ ᠮᠢᠨᠤ ᠡ᠊ᠨᠳᠡ ᠪᠠᠶᠢᠬᠤ ᠶᠢ ᠮᠡᠳᠡᠴᠢᠬᠡᠭᠡᠳ ᠨᠠᠭᠠᠰᠢ ᠪᠠᠨ ᠲᠠᠭᠠᠷᠢᠬᠤ ᠭᠡᠵᠦ ᠰᠦᠷ ᠦᠵᠡᠭᠦᠯᠵᠦ ᠪᠠᠶᠢᠭ᠎ᠠ ᠨᠢ ᠪᠠᠶᠢᠬᠤ ᠭᠡᠳ ᠠᠩᠴᠢᠨ ᠰᠠᠨᠳᠤᠷᠬᠤ ᠳᠠᠭᠠᠨ ᠨᠤᠮᠤ ᠪᠠᠨ ᠡᠷᠭᠦᠨ ᠡᠪᠰᠢᠶᠡᠯᠭᠡᠵᠦ ᠨᠢᠭᠡ ᠯᠡ ᠬᠠᠷᠪᠤᠭᠠᠳ ᠶᠠᠪᠤᠭᠤᠯᠤᠭᠰᠠᠨ ᠴᠢᠨᠢ ᠰᠤᠮᠤ ᠨᠢ ᠣᠴᠢᠭᠠᠳ ᠲᠡᠷᠡ ᠠᠮᠢᠳᠠᠨ ᠤ ᠵᠡᠭᠦᠨ ᠮᠥᠷᠥᠨ ᠳᠡᠭᠡᠷ᠎ᠡ ᠨᠢ ᠲᠤᠰᠴᠤ ᠭᠡᠨ᠎ᠡ᠃ ᠲᠡᠳᠦᠢ ᠳᠤ ᠲᠡᠷᠡ ᠠᠮᠢᠳᠠᠨ ᠪᠠᠰᠠ ᠨᠢᠭᠡ ᠰᠦᠷᠡᠬᠡᠢ ᠠᠷᠬᠢᠷᠠᠵᠤ ᠮᠥᠷᠥᠨ ᠳᠡᠭᠡᠷᠡᠬᠢ ᠰᠤᠮᠤ ᠪᠠᠨ ᠰᠤᠭᠤ ᠲᠠᠳᠠᠨ ᠠᠪᠴᠤ ᠰᠢᠳᠡᠭᠡᠳ ᠠᠩᠴᠢᠨ ᠤ ᠵᠦᠭ ᠳᠠᠪᠬᠢᠨ ᠢᠷᠡᠬᠦ ᠳᠤ ᠠᠩᠴᠢᠨ ᠭᠤᠣᠯ ᠤᠷᠤᠭᠤᠳᠠᠨ ᠪᠤᠴᠠᠵᠤ ᠳᠤᠲᠠᠭᠠᠵᠠᠢ᠃ ᠭᠡᠲᠡᠯ᠎ᠡ ᠲᠡᠷᠡ ᠠᠮᠢᠳᠠᠨ ᠤ ᠭᠦᠶᠦᠬᠦ ᠨᠢ ᠮᠠᠰᠢ ᠬᠤᠷᠳᠤᠨ ᠲᠤᠯᠠ ᠲᠦᠳᠡᠯ ᠦᠭᠡᠢ ᠭᠦᠢᠴᠡᠭᠡᠳ ᠢᠷᠡᠵᠡᠢ᠃ ᠡᠨᠡ ᠠᠩᠴᠢᠨ ᠪᠠᠰᠠ ᠨᠡᠯᠢᠶᠡᠳ ᠵᠣᠷᠢᠭ ᠵᠢᠷᠦᠬᠡ ᠲᠠᠢ᠂ ᠠᠷᠭ᠎ᠠ ᠰᠠᠮᠪᠠᠭ᠎ᠠ ᠲᠠᠢ ᠪᠥᠭᠡᠳ ᠪᠤᠰᠢᠭᠤ ᠱᠠᠯᠠᠮᠠᠭᠠᠢ ᠡᠷ᠎ᠡ ᠪᠠᠶᠢᠵᠠᠢ᠃ ᠨᠢᠭᠡᠨᠲᠡ ᠳᠤᠲᠠᠭᠠᠵᠤ ᠭᠠᠷᠴᠤ ᠲᠡᠶᠢᠯᠭᠦ ᠦᠭᠡᠢ ᠪᠣᠯᠤᠭᠰᠠᠨ ᠢᠶᠠᠨ ᠮᠡᠳᠡᠭᠡᠳ ᠭᠡᠨᠡᠳᠲᠡᠬᠡᠨ ᠬᠠᠵᠠᠭᠤ ᠲᠡᠶᠢᠰᠢ ᠪᠠᠨ ᠲᠠᠯᠳᠠᠷᠢᠰᠭᠢᠨ ᠵᠠᠶᠢᠯᠠᠵᠤ᠂ ᠲᠡᠷᠡ ᠠᠮᠢᠳᠠᠨ ᠤ ᠰᠠᠪᠠᠷᠳᠠᠨ ᠣᠷᠣᠵᠤ ᠢᠷᠡᠬᠦ ᠬᠦᠴᠦᠨ ᠳᠤᠨᠢ ᠨᠡᠶᠢᠯᠡᠭᠦᠯᠦᠨ ᠬᠥᠯ ᠢᠶᠠᠷ ᠢᠶᠠᠨ ᠳᠣᠣᠭᠤᠷ ᠨᠢ ᠨᠢᠭᠡ ᠯᠡ ᠰᠢᠷᠪᠢᠨ ᠲᠠᠰᠢᠭᠰᠠᠨ ᠳᠤ ᠲᠡᠷᠡ ᠠᠮᠢᠳᠠᠨ ᠤᠷᠤᠭᠰᠢ ᠪᠠᠨ ᠱᠤᠩᠭᠤᠴᠢᠨ ᠡᠯᠢᠭᠡ ᠪᠠᠨ ᠳᠠᠷᠤᠵᠤ ᠰᠠᠪᠠᠨ ᠤᠨᠠᠵᠠᠢ᠃ ᠲᠡᠭᠡᠭᠦ ᠳᠤ ᠲᠡᠷᠡ ᠮᠥᠷᠥᠨ ᠳᠡᠭᠡᠷ᠎ᠡ ᠨᠢ ᠲᠤᠬᠤᠭᠠᠳᠠᠢ ᠶᠠᠪᠤᠵᠤ ᠪᠠᠶᠢᠭᠰᠠᠨ ᠰᠠᠶᠢᠭᠢ ᠤᠷᠳᠤ ᠤᠭᠤᠲᠠ ᠨᠢ ᠪᠠᠰᠠ ᠵᠠᠩᠭᠤᠷᠭ᠎ᠠ ᠶᠢᠨ ᠠᠶ᠎ᠠ ᠪᠠᠷ ᠡᠮᠦᠨᠡᠰᠢ ᠪᠠᠨ ᠰᠠᠪᠠᠭᠳᠠᠵᠦ ᠭᠠᠵᠠᠷ ᠲᠤ ᠠᠯᠳᠠᠯᠠᠨ ᠤᠨᠠᠭᠰᠠᠨ ᠶᠤᠮ ᠭᠡᠨ᠎ᠡ᠃ ᠤᠳᠤ ᠯᠠ ᠴᠢᠮᠠᠶᠢ ᠨᠢᠷᠤᠭᠤᠨ ᠭᠤᠣᠯ ᠳᠡᠭᠡᠷ᠎ᠡ ᠠᠴᠠ ᠨᠢ ᠭᠠᠭᠴᠠ ᠯᠠ ᠬᠠᠷᠪᠤᠭᠠᠳ ᠴᠠᠭᠠᠰᠢ ᠨᠢ ᠬᠠᠷᠠᠭᠤᠯᠬᠤ ᠰᠠᠨ ᠭᠡᠳ ᠠᠩᠴᠢᠨ ᠨᠤᠮᠤ ᠪᠠᠨ ᠠᠪᠴᠤ ᠬᠠᠷᠪᠤᠬᠤ ᠭᠡᠰᠡᠨ ᠴᠢᠨᠢ ᠰᠠᠶ᠋ᠢ ᠶᠢᠨ ᠭᠦᠶᠦᠵᠦ ᠳᠤᠲᠠᠭᠠᠬᠤ ᠳᠤᠮᠳᠠ ᠰᠠᠭᠠᠳᠠᠭ ᠲᠤ ᠪᠠᠶᠢᠭᠰᠠᠨ ᠰᠤᠮᠤ ᠨᠢ ᠴᠥᠮ ᠢᠶᠠᠷ ᠢᠶᠠᠨ ᠣᠭᠰᠢᠵᠤ ᠭᠡᠭᠡᠭᠳᠡᠭᠡᠳ ᠵᠦᠪᠭᠡᠨ ᠬᠤᠭᠤᠰᠤᠨ ᠰᠠᠭᠠᠳᠠᠭ ᠨᠢ ᠯᠠ ᠦᠯᠡᠳᠡᠭᠰᠡᠨ ᠪᠠᠶᠢᠵᠠᠢ᠃ ᠲᠡᠭᠡᠭᠡᠳ ᠠᠩᠴᠢᠨ ᠪᠠᠰᠠ ᠭᠠᠷᠤᠭᠠᠳ ᠳᠤᠲᠠᠭᠠᠵᠠᠢ᠃ ᠡᠨᠡ ᠮᠡᠲᠦ ᠪᠠᠷ ᠪᠠᠰᠠ ᠬᠤᠶᠠᠷ ᠭᠦᠢᠴᠡᠭᠳᠡᠵᠦ ᠪᠠᠷᠢᠭᠳᠠᠬᠤ ᠳᠠᠭᠠᠨ ᠵᠠᠪᠳᠤᠭᠠᠳ ᠮᠥᠨ ᠠᠩᠬᠠᠨ ᠤ ᠲᠡᠷᠡ ᠠᠷᠭ᠎ᠠ ᠪᠠᠷ ᠢᠶᠠᠨ ᠬᠤᠶᠠᠷ ᠤᠳᠠᠭ᠎ᠠ ᠳᠡᠭᠡᠭᠡᠳᠡᠨ ᠪᠦᠳᠦᠷᠢᠭᠦᠯᠵᠦ ᠤᠨᠠᠭᠠᠭᠰᠠᠨ ᠳᠤ ᠰᠠᠶᠢᠭᠢ ᠠᠮᠢᠳᠠᠨ ᠤ ᠬᠥᠳᠡᠯᠬᠦ ᠪᠠᠷᠢᠬᠤ ᠨᠢ ᠬᠠᠷᠢᠨ ᠢᠯᠡᠷᠬᠡᠢ ᠤᠳᠠᠭᠠᠯᠢᠭ ᠪᠣᠯᠵᠤ᠂ ᠨᠦᠭᠦᠭᠡ ᠤᠷᠳᠤ ᠤᠭᠤᠲᠠ ᠪᠠᠨ ᠮᠥᠷᠥᠨ ᠳᠡᠭᠡᠭᠦᠷ ᠢᠶᠠᠨ ᠬᠤᠶᠢᠰᠢ ᠨᠢ ᠴᠣᠬᠢᠵᠤ ᠠᠯᠳᠠᠯᠠᠨ ᠲᠤᠬᠤᠭᠠᠳ ᠠᠩᠴᠢᠨ ᠢ ᠤᠷᠭᠢᠨ ᠢᠷᠡᠭᠰᠡᠨ ᠮᠥᠷ ᠢᠶᠠᠷ ᠢᠶᠠᠨ ᠭᠤᠣᠯ ᠥᠭᠰᠥᠨ ᠪᠤᠴᠠᠵᠤ ᠶᠠᠪᠤᠵᠠᠢ᠃ ᠲᠠᠶᠢᠨ ᠬᠦ ᠠᠩᠴᠢᠨ ᠰᠠᠶ᠋ᠢ ᠠᠮᠢ ᠲᠠᠢ ᠭᠠᠷᠴᠤ ᠭᠡᠨ᠎ᠡ᠃              ᠬᠤᠵᠢᠮ ᠨᠢ ᠠᠩᠴᠢᠨ ᠲᠡᠷᠡ ᠤᠴᠢᠷ ᠢᠶᠠᠨ ᠬᠥᠮᠥᠨ ᠳᠤ ᠶᠠᠷᠢᠵᠤ ᠶᠠᠪᠤᠲᠠᠯ᠎ᠠ ᠨᠢᠭᠡ ᠡᠪᠦᠭᠡᠨ ᠰᠣᠨᠣᠰᠤᠭᠠᠳ ᠢᠩᠭᠢᠵᠦ ᠬᠡᠯᠡᠵᠡᠢ᠄ ︽ᠵᠠ᠂ ᠲᠡᠭᠡᠪᠡᠯ ᠴᠢ ᠴᠢᠨᠢ ᠤᠷᠳᠤ ᠬᠥᠬᠦᠲᠦ ᠲᠠᠢ ᠲᠠᠭᠠᠷᠠᠯᠳᠤᠭᠰᠠᠨ ᠶᠤᠮ ᠪᠠᠶᠢᠨ᠎ᠠ᠃ ᠴᠡᠭᠡᠵᠢᠨ ᠳᠡᠭᠡᠷ᠎ᠡ ᠪᠠᠨ ᠭᠠᠭᠴᠠ ᠤᠷᠳᠤ ᠬᠥᠬᠦ ᠲᠠᠢ᠂ ᠲᠡᠭᠦᠨ ᠢᠶᠠᠨ ᠬᠡᠵᠢᠶᠡᠳᠡ ᠮᠥᠷᠥᠨ ᠳᠡᠭᠡᠷ᠎ᠡ ᠪᠠᠨ ᠲᠤᠬᠤᠵᠦ ᠶᠠᠪᠤᠳᠠᠭ᠂ ᠶᠠᠭᠠᠬᠢᠬᠤ ᠶᠢᠨ ᠠᠷᠭ᠎ᠠ ᠦᠭᠡᠢ ᠶᠡᠭᠡ ᠴᠢᠳᠠᠯ ᠲᠠᠢ᠂ ᠬᠥᠮᠥᠨ ᠰᠢᠭ ᠬᠤᠶᠠᠷ ᠬᠥᠯ ᠢᠶᠠᠷ ᠢᠶᠠᠨ ᠶᠠᠪᠤᠵᠤ ᠴᠢᠳᠠᠳᠠᠭ ᠲᠡᠶᠢᠮᠦ ᠰᠦᠷᠡᠬᠡᠢ ᠠᠮᠢᠳᠠᠨ ᠪᠠᠶᠢᠳᠠᠭ᠂ ᠭᠡᠪᠡᠴᠦ ᠲᠡᠷᠡ ᠤᠷᠳᠤ ᠬᠥᠬᠦ ᠶᠢ ᠨᠢ ᠭᠤᠷᠪᠠ ᠤᠳᠠᠭ᠎ᠠ ᠪᠠᠭᠤᠯᠭᠠᠵᠤ ᠴᠢᠳᠠᠪᠠᠯ ᠲᠡᠩᠬᠡᠭᠡ ᠨᠢ ᠰᠤᠯᠠᠷᠠᠭᠠᠳ ᠬᠥᠮᠥᠨ ᠤᠷᠤᠭᠤ ᠲᠠᠭᠠᠷᠢᠬᠤ ᠪᠠᠨ ᠪᠠᠶᠢᠴᠢᠬᠠᠳᠠᠭ ᠶᠤᠮ ᠭᠡᠨ᠎ᠡ ᠭᠡᠵᠦ ᠪᠠᠭ᠎ᠠ ᠪᠠᠶᠢᠬᠤ ᠳᠤ ᠪᠢ ᠬᠥᠭᠰᠢᠳ ᠤᠨ ᠬᠡᠯᠡᠯᠴᠡᠬᠦ ᠶᠢ ᠰᠣᠨᠣᠰᠴᠤ ᠪᠠᠶᠢᠭᠰᠠᠨ ᠶᠤᠮ᠃ ᠲᠡᠷᠡ ᠦᠭᠡ ᠦᠨᠡᠨ ᠪᠠᠶᠢᠵᠤ ᠰᠢᠤ︕︾ ᠭᠡᠵᠦ ᠭᠡᠨ᠎ᠡ᠃              ᠲᠡᠭᠦᠨ ᠠᠴᠠ ᠬᠤᠶᠢᠰᠢ ᠠᠩᠴᠢᠨ ᠤ ᠤᠷᠳᠤ ᠬᠥᠬᠦᠲᠦ ᠲᠠᠢ ᠲᠠᠭᠠᠷᠠᠯᠳᠤᠭᠰᠠᠨ ᠲᠡᠷᠡ ᠭᠤᠣᠯ ᠢ ᠬᠥᠮᠥᠰ ᠤᠷᠳᠤ ᠬᠥᠬᠦᠲᠦ ᠶᠢᠨ ᠭᠤᠣᠯ ᠭᠡᠵᠦ ᠳᠠᠭᠤᠳᠠᠬᠤ ᠪᠣᠯᠵᠠᠢ᠃ ᠭᠡᠲᠡᠯ᠎ᠡ ᠲᠡᠷᠡ ᠨᠢ ᠰᠡᠭᠦᠯ ᠳᠡᠭᠡᠨ ᠬᠠᠷᠢᠨ ᠤᠷᠳᠤ ᠶᠢᠨ ᠭᠤᠣᠯ ᠪᠣᠯᠵᠤ ᠬᠤᠪᠢᠷᠠᠭᠠᠳ ᠪᠦᠷ ᠰᠡᠭᠦᠯᠡᠷ ᠨᠢ ᠤᠷᠳᠤ ᠶᠢᠨ ᠭᠤᠣᠯ ᠠᠴᠠ ᠤᠷᠳᠤ ᠶᠢᠨ ᠪᠠᠭ ᠪᠣᠯᠤᠭᠰᠠᠨ ᠭᠡᠳᠡᠭ ᠪᠢᠯᠡ᠃                        
 
ᠢᠷᠡᠯᠲᠡ᠄ ᠪᠠᠶᠠᠨ ᠰᠦᠮᠪᠦᠷ ᠰᠡᠳᠬᠦᠯ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号