ᠢᠳᠡᠰᠢᠨ ᠨᠤᠭᠤᠭ᠎ᠠ  ᠶᠢᠨ ᠭᠢᠯᠭᠠᠰᠤᠨ ᠵᠢᠮ᠎ᠠ  ᠬᠤᠷᠤᠬᠠᠢ  ᠶᠢᠨ ᠬᠦᠨᠦᠭᠡᠯ  ᠢ ᠰᠡᠷᠭᠡᠶᠢᠯᠡᠨ ᠵᠠᠰᠠᠬᠤ
ᠨᠡᠶᠢᠲᠡᠯᠡᠭᠰᠡᠨ ᠴᠠᠭ᠄
2021/9/28
ᠭᠢᠯᠭᠠᠰᠤᠨ ᠵᠢᠮ᠎ᠠ ᠬᠤᠷᠤᠬᠠᠢ ᠪᠤᠯ ᠭᠤᠤᠯ ᠨᠢ ᠦᠰᠤᠳᠤ ᠬᠤᠯᠤ᠂ ᠳ᠋ᠦᠡᠭᠭᠤᠸᠠ᠂ ᠭᠠᠰᠢᠭᠤᠨ ᠭᠤᠸᠠ᠂ ᠲᠠᠷᠪᠤᠰ᠂  ᠠᠯᠳᠠᠨ ᠮᠠᠠᠵᠢᠯᠭᠠᠨ᠂ ᠯᠠᠩᠭᠤᠸᠠ᠂ ᠠᠮᠳᠠᠳᠤ ᠭᠤᠸᠠ᠂ ᠬᠠᠰᠢ᠂ ᠲᠦᠪᠡᠳ ᠬᠠᠰᠢ᠂ ᠠᠮᠳᠠᠳᠤ ᠯᠠᠵᠤᠤ ᠵᠡᠷᠭᠡ ᠬᠤᠯᠤ ᠎ ᠶᠢᠨ ᠢᠵᠠᠭᠤᠷ᠂ ᠬᠠᠰᠢ  ᠶᠢᠨ ᠢᠵᠠᠭᠤᠷ  ᠤᠨ ᠨᠤᠭᠤᠭ᠎ᠠ  ᠶᠢ ᠭᠦᠨᠦᠭᠡᠳᠡᠭ ᠪᠦᠭᠡᠳ ᠪᠠᠰᠠ ᠪᠤᠷᠴᠠᠭ  ᠤᠨ ᠲᠦᠷᠦᠯ᠂ ᠦᠷᠭᠡᠰᠤᠳᠤ ᠨᠤᠭᠤᠭ᠎ᠠ᠂ ᠭᠦᠷᠡᠯᠵᠡᠭᠡᠨ᠎ᠡ ᠵᠡᠷᠭᠡ ᠤᠯᠠᠨ  ᠲᠦᠷᠦᠯ  ᠤᠨ ᠨᠤᠭᠤᠭ᠎ᠠ  ᠶᠢ ᠰᠦᠢᠳᠭᠡᠳᠡᠭ ᠪᠠ ᠵᠠᠮᠪᠠ ᠴᠠᠴᠡᠭ  ᠤᠨ ᠢᠵᠠᠭᠤᠷ᠂ ᠴᠠᠩᠬᠤᠢ ᠴᠡᠴᠡᠭ  ᠤᠨ ᠢᠵᠠᠭᠤᠷ ᠵᠡᠷᠭᠡ ᠤᠯᠠᠨ ᠵᠦᠢᠯ  ᠤᠨ  ᠤᠷᠭᠤᠮᠠᠯ ᠪᠠ ᠡᠪᠡᠰᠤ  ᠶᠢ ᠰᠦᠢᠳᠭᠡᠳᠡᠭ ᠪᠠᠶᠢᠨ᠎ᠠ᠃ ᠭᠢᠯᠭᠠᠰᠤᠨ ᠵᠢᠮ᠎ᠠ ᠬᠤᠷᠤᠬᠠᠢ  ᠶᠢ ᠰᠡᠷᠭᠡᠶᠢᠯᠡᠨ ᠵᠠᠰᠠᠬᠤ ᠠᠷᠭ᠎ᠠ   ︵1︶  ᠲᠠᠷᠢᠶᠠᠯᠠᠩ  ᠤᠨ ᠠᠷᠭ᠎ᠠ ᠪᠠᠷ ᠵᠠᠰᠠᠨ᠎ᠠ᠂ ᠲᠠᠷᠢᠶᠠᠨ ᠳᠠᠬᠢ ᠦᠯᠡᠳᠡᠭᠳᠡᠯ ᠨᠠᠪᠴᠢ ᠨᠠᠮᠠᠭ᠎ᠠ᠂ ᠰᠤᠯᠠ ᠡᠪᠡᠰᠤ  ᠶᠢ  ᠠᠷᠢᠯᠭᠠᠵᠤ᠂ ᠬᠤᠷᠤᠬᠠᠢ  ᠶᠢᠨ ᠢᠷᠡᠯᠳᠡ  ᠶᠢ ᠤᠰᠠᠳᠬᠠᠵᠤ᠂ ᠬᠠᠪᠤᠷ ᠲᠤᠭᠢᠳᠡᠢ ᠦᠶ᠎ᠠ ᠳᠤᠨᠢ ᠡᠷᠳᠡ ᠲᠠᠷᠢᠵᠤ᠂ ᠡᠷᠳᠡ ᠴᠢᠭᠢ ᠪᠤᠶᠢᠵᠢᠭᠤᠯᠵᠤ᠂  ᠴᠢᠭᠢ ᠪᠤᠶᠢᠵᠢᠭᠤᠯᠬᠤ ᠳᠠᠭᠠᠨ ᠰᠢᠮ᠎ᠠ ᠲᠡᠵᠢᠭᠡᠯ  ᠤᠨ ᠠᠷᠭ᠎ᠠ  ᠶᠢ ᠭᠡᠷᠡᠭᠯᠡᠵᠤ᠂ ᠤᠰᠤ ᠪᠤᠷᠳᠤᠭᠤᠷ  ᠤᠨ ᠬᠠᠮᠢᠶᠠᠷᠤᠯᠳᠠ ᠵᠡᠷᠭᠡ ᠲᠠᠷᠢᠶᠠᠯᠭ᠎ᠠ  ᠶᠢᠨ  ᠮᠠᠷᠭᠡᠵᠢᠯ  ᠢ ᠴᠢᠩᠭ᠎ᠠ ᠡᠵᠡᠮᠰᠢᠵᠤ᠂ ᠤᠷᠭᠤᠮᠠᠯ  ᠤᠨ ᠤᠷᠭᠤᠯᠳᠠ  ᠶᠢ ᠨᠢ ᠠᠭᠢᠭᠤᠯᠵᠤ᠂ ᠲᠠᠷᠢᠬᠤ ᠳᠠᠭᠠᠨ ᠪᠦᠷᠭᠦᠭᠦᠯ  ᠢᠶᠠᠷ ᠪᠦᠷᠢᠵᠤ ᠲᠠᠷᠢᠪᠠᠯ  ᠪᠡᠶᠡᠯᠡᠭᠰᠡᠨ ᠬᠤᠷᠤᠬᠠᠢ ᠎ ᠶᠢᠨ ᠭᠦᠨᠦᠭᠡᠯ ᠪᠡ ᠠᠪᠠᠭᠠᠯᠳᠠᠢ  ᠶᠢᠨ ᠰᠢᠷᠤᠢ ᠳᠤ ᠰᠢᠷᠭᠤᠨ ᠭᠡᠤᠭᠡᠯᠳᠡᠶᠢᠵᠢᠭᠦ  ᠶᠢ ᠪᠠᠭᠠᠰᠬᠠᠵᠤ ᠪᠤᠯᠤᠨ᠎ᠠ᠃   ︵2︶   ᠹᠢᠽᠢᠺ  ᠶᠢᠨ ᠠᠷᠭ᠎ᠠ ᠪᠠᠷ ᠰᠡᠷᠭᠡᠶᠢᠯᠡᠨ ᠵᠠᠰᠠᠨ᠎ᠠ᠂ ᠭᠦᠭᠡ ᠬᠠᠪᠳᠠᠰᠤ ᠡᠯᠭᠦᠨ ᠪᠡᠶᠡᠯᠡᠭᠰᠡᠨ ᠬᠤᠷᠤᠬᠠᠢ  ᠶᠢ ᠬᠠᠭᠤᠷᠤᠨ  ᠤᠰᠠᠳᠬᠠᠨ᠎ᠠ᠃ ᠲᠤᠬᠠᠶᠢᠯᠠᠪᠠᠯ 10 ᠮᠧᠲᠷ ᠪᠦᠷᠢ ᠨᠤᠭᠤᠭ᠎ᠠ ᠠᠴᠠ 10 ~ 30 ᠰᠠᠠᠲ᠋ᠢᠮᠧᠲᠷ ᠦᠨᠳᠤᠷ ᠭᠠᠵᠠᠷ ᠲᠤ ᠨᠢᠭᠡ ᠭᠡᠰᠡᠭ ᠭᠦᠭᠡ  ᠬᠠᠪᠳᠠᠰᠤ ᠡᠯᠭᠦᠵᠤ ᠪᠡᠶᠡᠯᠡᠭᠰᠡᠨ ᠬᠤᠷᠤᠬᠠᠢ  ᠶᠢᠨ ᠦᠨᠳᠡᠭᠡᠯᠡᠭᠦ ᠭᠦᠨᠦᠭᠡᠯ  ᠢ ᠪᠠᠭᠠᠰᠬᠠᠨ᠎ᠠ᠃   ︵3︶  ᠡᠮ  ᠢᠶᠠᠷ ᠰᠡᠷᠭᠡᠶᠢᠯᠡᠨ ᠵᠠᠰᠠᠨ᠎ᠠ᠃ ᠵᠤᠨ ᠨᠠᠮᠤᠷ ᠭᠤᠸᠠ  ᠶᠢᠨ ᠴᠢᠭᠢ 2 ~3 ᠨᠠᠪᠴᠢᠯᠠᠬᠤ ᠦᠶᠡᠰ ᠠᠴᠠ ᠡᠭᠢᠯᠡᠨ  ᠲᠠᠷᠢᠶᠠᠨ ᠳᠠᠬᠢ ᠬᠤᠷᠤᠬᠠᠢ  ᠶᠢ ᠪᠠᠶᠢᠴᠠᠭᠠᠵᠤ᠂ ᠰᠠᠯᠠᠭ᠎ᠠ ᠪᠦᠷᠢ 2 ~3 ᠬᠤᠷᠤᠬᠠᠢ ᠲᠠᠢ ᠪᠤᠯᠬᠤ ᠦᠶᠡᠰ ᠰᠡᠷᠭᠡᠶᠢᠯᠡᠨ ᠵᠠᠰᠠᠨ᠎ᠠ᠂ ᠡᠮ ᠰᠤᠩᠭᠤᠨ  ᠭᠡᠷᠡᠭᠯᠡᠭᠦ ᠳᠡᠭᠡᠨ᠂ 10% ᠎ ᠶᠢᠨ ᠪᠢ ᠴᠦᠡᠭ ᠯᠢᠨ ︵吡虫啉︶ ᠨᠤᠠᠳᠠᠭ ᠡᠮ  ᠢ 667 ᠲᠡᠭᠰᠢ ᠲᠦᠷᠪᠡᠯᠵᠢᠨ ᠮᠧᠲᠷ ᠲᠠᠯᠠᠪᠠᠢ ᠪᠦᠷᠢ 220 ~300 ᠭᠷᠡᠮ ᠳᠤ ᠤᠰᠤ ᠬᠤᠯᠢᠨ ᠰᠦᠷᠴᠢᠨ᠎ᠠ᠃ 17.5% ᠎ ᠶᠢᠨ ᠶᠠ ᠮᠠᠨ ᠵᠢᠩ ︵蚜螨净︶ ᠨᠤᠨᠳᠠᠭ ᠡᠮ  ᠢ 667 ᠲᠡᠭᠰᠢ  ᠲᠦᠷᠪᠡᠯᠵᠢᠨ ᠮᠧᠲᠷ ᠲᠠᠯᠠᠪᠠᠢ ᠪᠦᠷᠢ 220 ᠭᠷᠡᠮ ᠳᠤ ᠤᠰᠤ ᠬᠤᠯᠢᠨ ᠰᠦᠷᠴᠢᠨ᠎ᠠ᠂ ᠢᠡᠭᠭᠢᠪᠡᠯ ᠰᠡᠷᠭᠡᠶᠢᠯᠡᠯᠳᠡ  ᠶᠢᠨ ᠦᠷ᠎ᠡ ᠪᠦᠳᠦᠮᠵᠢ ᠨᠢ ᠴᠦᠮ 90%᠎ ᠠᠴᠠ ᠲᠡᠭᠡᠭᠰᠢ ᠳᠤ ᠭᠦᠷᠦᠨ᠎ᠠ᠃ ᠪᠠᠰᠠ 50% ᠎ ᠶᠢᠨ ᠪᠠ ᠳ᠋ᠠᠨ ︵巴丹︶ ᠨᠤᠨᠳᠠᠭ ᠡᠮ ᠪᠤᠶᠤ 10% ᠎ ᠶᠢᠨ ᠰᠢᠩ ᠮᠢᠶᠠᠨ ᠪᠤᠤ ︵兴棉宝︶ ᠲᠤᠰᠤᠨ ᠡᠮ ᠪᠤᠶᠤ 10% ᠎ ᠶᠢᠨ ᠦᠨᠳᠤᠷ ᠦᠢᠯᠡᠳᠦᠯᠳᠤ ᠮᠢᠶᠧ ᠪᠠᠢ ᠺᠧ ︵灭百可︶ ᠲᠤᠰᠤᠨ ᠡᠮ  ᠤᠨ 5000  ᠲᠠᠭᠢᠨ  ᠤ ᠰᠢᠩᠭᠡᠨ᠂ ᠡᠰᠡᠭᠦᠯ᠎ᠠ 50% ᠎ ᠶᠢᠨ ᠰᠢᠨ ᠯᠢᠤ ᠯᠢᠨ ︵辛硫磷︶ ᠲᠤᠰᠤᠨ ᠡᠮ  ᠤᠨ 1000 ᠲᠠᠭᠢᠨ  ᠤ ᠰᠢᠩᠭᠡᠨ ᠡᠰᠡᠭᠦᠯ᠎ᠠ 25% ᠎ ᠶᠢᠨ ᠺᠦᠢ ᠯᠢᠤ ᠯᠢᠨ ︵喹硫磷︶ ᠲᠤᠰᠤᠨ ᠡᠮ  ᠤᠨ 1500 ᠲᠠᠭᠢᠨ  ᠤ ᠰᠢᠩᠭᠡᠨ  ᠢ ᠰᠤᠩᠭᠤᠨ ᠰᠦᠷᠴᠢᠵᠤ᠂ 7 ~10  ᠬᠤᠨᠤᠭ ᠠᠯᠤᠰᠯᠠᠬᠤ ᠪᠦᠷᠢ ᠨᠢᠭᠡ ᠤᠳᠠᠭ᠎ᠠ ᠰᠦᠷᠴᠢᠨ᠂ ᠦᠷᠭᠦᠯᠵᠢᠯᠡᠨ 2 ~3 ᠤᠳᠠᠭ᠎ᠠ ᠰᠦᠷᠴᠢᠨ ᠰᠡᠷᠭᠡᠶᠢᠯᠡᠨ ᠵᠠᠰᠠᠨ᠎ᠠ᠃  ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ  
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号