ᠠᠮᠧᠷᠢᠺᠠ ᠲᠤᠯᠪᠤᠳᠤ ᠢᠯᠠᠭ᠎ᠠ  ᠶᠢᠨ  ᠬᠦᠨᠦᠭᠡᠯ  ᠢ ᠰᠡᠷᠭᠡᠶᠢᠯᠡᠨ ᠵᠠᠰᠠᠬᠤ
ᠨᠡᠶᠢᠲᠡᠯᠡᠭᠰᠡᠨ ᠴᠠᠭ᠄
2021/9/28
ᠠᠮᠧᠷᠢᠺᠠ ᠲᠤᠯᠪᠤᠳᠤ ᠢᠯᠠᠭ᠎ᠠ ᠪᠤᠯ ᠭᠤᠤᠯ ᠨᠢ ᠰᠢᠬᠤᠯᠤ᠂ ᠦᠷᠭᠡᠰᠤᠳᠤ ᠭᠡᠮᠭᠡ᠂ ᠠᠮᠳᠠᠳᠤ ᠭᠡᠮᠭᠡ᠂ ᠳ᠋ᠦᠡᠭᠭᠤᠸᠠ᠂  ᠲᠠᠷᠪᠤᠰ᠂ ᠠᠯᠳᠠᠨ ᠮᠠᠠᠵᠢᠯᠭᠠᠨ᠂ ᠬᠤᠯᠤ᠂ ᠦᠰᠤᠳᠤ ᠬᠤᠯᠤ᠂ ᠬᠠᠰᠢ᠂ ᠲᠦᠪᠡᠳ ᠬᠠᠰᠢ᠂ ᠭᠦᠭᠡ ᠯᠠᠵᠢᠶᠤᠤ᠂ ᠲᠦᠮᠦᠰᠤ᠂ ᠱᠤᠰᠢ᠂ ᠼᠠᠠᠳ᠋ᠸᠤ᠂  ᠸᠠᠩᠳ᠋ᠸᠤ᠂ ᠬᠠᠪᠳᠠᠭᠠᠢ ᠪᠤᠷᠴᠠᠭ᠂ ᠤᠷᠳᠤ ᠪᠤᠷᠴᠠᠭ᠂ ᠯᠤᠤᠪᠠᠨᠭ᠌᠂ ᠭᠦᠭᠡ ᠨᠤᠭᠤᠭ᠎ᠠ᠂ ᠲᠤᠰᠤᠳᠤ ᠨᠤᠭᠤᠭ᠎ᠠ᠂ ᠪᠦᠭᠡᠷᠡᠩᠭᠡᠢ ᠴᠠᠭᠠᠨ ᠨᠤᠭᠤᠭ᠎ᠠ᠂  ᠭᠡᠴᠢ᠂ ᠮᠠᠠᠵᠢᠨ᠂ ᠰᠢᠯᠦᠭᠡᠢ ᠨᠤᠭᠤᠭ᠎ᠠ ᠵᠢᠴᠢ ᠵᠠᠷᠢᠮ ᠬᠤᠸᠠᠷ ᠴᠡᠴᠡᠭ᠂ ᠵᠡᠷᠯᠢᠭ ᠤᠷᠭᠤᠮᠠᠯ ᠵᠡᠷᠭᠡ 120 ᠭᠠᠷᠤᠢ ᠲᠦᠷᠦᠯ  ᠤᠨ ᠤᠷᠭᠤᠮᠠᠯ ᠲᠡᠭᠡᠷ᠎ᠡ  ᠤᠷᠤᠩᠨᠠᠵᠤ᠂ ᠤᠷᠤᠩᠨᠠᠯ  ᠤᠨ ᠭᠡᠪᠴᠢᠶ᠎ᠠ ᠨᠢ ᠪᠠᠰᠠ ᠦᠷᠭᠡᠵᠢᠭᠦ ᠲᠦᠯᠦᠪ ᠲᠠᠢ ᠪᠠᠶᠢᠨ᠎ᠠ᠂ ᠭᠦᠨᠳᠤ ᠨᠤᠴᠢᠳᠡᠢ ᠭᠦᠨᠦᠭᠡᠭᠳᠡᠭᠰᠡᠨ ᠪᠤᠷᠴᠠᠭ  ᠤᠨ  ᠲᠦᠷᠦᠯ᠂ ᠦᠷᠭᠡᠰᠤᠳᠤ ᠭᠡᠮᠭᠡ᠂ ᠲᠦᠪᠡᠳ ᠬᠠᠰᠢ᠂ ᠬᠠᠰᠢ ᠵᠡᠷᠭᠡ  ᠶᠢᠨ ᠬᠤᠷᠤᠬᠠᠶᠢᠳᠤ ᠰᠠᠭᠤᠷᠢ  ᠶᠢᠨ ᠨᠤᠷᠮ᠎ᠠ ᠨᠢ 100%᠎ ᠳᠤ ᠭᠦᠷᠴᠤ᠂  ᠨᠠᠪᠴᠢᠨ  ᠤᠨ ᠭᠦᠨᠦᠭᠡᠯ ᠨᠢ 70%᠎ ᠳᠤ ᠭᠦᠷᠴᠤ᠂ ᠬᠤᠷᠢᠶᠠᠯᠳᠠ  ᠶᠢᠨ ᠬᠤᠭᠢᠷᠠᠯ ᠨᠢ ᠶᠠᠷᠦᠩᠭᠡᠢ ᠳᠡᠭᠡᠨ 10% ~30%᠎ ᠳᠤ ᠭᠦᠷᠴᠤ᠂  ᠭᠦᠨᠳᠤ ᠨᠤᠴᠢᠳᠡᠢ ᠨᠢ 50%᠎ ᠠᠴᠠ ᠲᠡᠭᠡᠭᠰᠢ ᠬᠤᠷᠢᠶᠠᠯᠳᠠ ᠬᠠᠰᠤᠠᠠᠳᠠᠬᠤ ᠪᠤᠶᠤ ᠴᠢᠨ᠋ᠬᠠᠰᠢᠯᠠᠪᠠᠯ ᠬᠤᠷᠢᠶᠠᠯᠳᠠ ᠬᠤᠭᠤᠰᠤᠳᠠᠳᠠᠭ ᠪᠠᠶᠢᠨ᠎ᠠ᠃  ᠪᠡᠶᠡᠯᠡᠭᠰᠡᠨ ᠬᠤᠷᠤᠬᠠᠢ᠂ ᠠᠪᠠᠭᠠᠯᠳᠠᠢ ᠨᠢ ᠴᠦᠮ ᠭᠦᠨᠦᠭᠡᠯ ᠲᠠᠷᠢᠵᠤ᠂ ᠠᠪᠠᠭᠠᠯᠳᠠᠢ ᠪᠠᠷ ᠭᠤᠤᠯ ᠪᠤᠯᠭᠠᠳᠠᠭ᠃ ᠪᠡᠶᠡᠯᠡᠭᠰᠡᠨ ᠡᠮ᠎ᠡ ᠬᠤᠷᠤᠬᠠᠢ ᠨᠢ  ᠨᠠᠪᠴᠢ  ᠶᠢ ᠬᠠᠳᠬᠤᠨ ᠰᠢᠷᠬᠠᠳᠤᠭᠤᠯᠵᠤ᠂ ᠦᠨᠳᠡᠭᠡᠯᠡᠭᠦ ᠪᠠ ᠢᠳᠡᠳᠡᠭ᠃ ᠠᠪᠠᠭᠠᠯᠳᠠᠢ ᠨᠢ ᠨᠠᠪᠴᠢᠨ ᠳᠤ ᠨᠢᠭᠤᠠᠠᠳᠠᠨ ᠨᠠᠪᠴᠢ᠂ ᠪᠠᠷᠢᠭᠤᠯ  ᠢ  ᠰᠠᠠᠳᠠᠯᠡᠨ ᠢᠳᠡᠵᠤ᠂ ᠮᠤᠭᠠᠢ  ᠶᠢᠨ ᠭᠡᠯᠪᠡᠷᠢ ᠲᠠᠢ ᠴᠠᠭᠠᠨ ᠦᠡᠭᠭᠡ  ᠶᠢᠨ ᠵᠢᠷᠤᠮᠵᠢᠯ ᠦᠭᠡᠢ ᠵᠠᠮ ᠭᠠᠷᠭᠠᠵᠤ᠂ ᠰᠡᠭᠦᠯ  ᠤᠨ ᠦᠵᠦᠭᠦᠷ ᠨᠢ ᠢᠯᠡᠳᠳᠡ  ᠦᠷᠭᠡᠨ ᠪᠠᠶᠢᠳᠠᠭ᠃ ᠨᠠᠪᠴᠢ  ᠶᠢ ᠰᠦᠷᠡᠭᠡᠢ ᠭᠦᠨᠦᠭᠡᠵᠤ᠂ ᠭᠡᠷᠡᠯ  ᠤᠨ ᠨᠡᠶᠢᠯᠡᠯᠭᠡ  ᠶᠢᠨ ᠦᠢᠯᠡᠳᠦᠯ  ᠢ ᠠᠯᠳᠠᠭᠤᠯᠵᠤ᠂ ᠬᠠᠳᠠᠵᠤ ᠵᠤᠯᠭᠠᠷᠠᠭᠤᠯᠤᠭᠠᠳ᠂ ᠤᠷᠭᠤᠮᠠᠯ  ᠤᠨ ᠤᠷᠭᠤᠯᠳᠠ ᠪᠤᠶᠢᠵᠢᠯᠳᠡ  ᠶᠢ ᠨᠦᠯᠦᠭᠡᠯᠡᠵᠤ᠂ ᠡᠭᠦᠨ  ᠤ ᠤᠯᠠᠮ  ᠪᠠᠷ ᠬᠤᠷᠢᠶᠠᠯᠳᠠ  ᠶᠢ ᠬᠠᠰᠤᠠᠠᠳᠠᠭᠤᠯᠵᠤ᠂ ᠲᠠᠸᠠᠷ ᠎ ᠤᠨ ᠦᠨ᠎ᠠ  ᠦᠷᠳᠡᠭ  ᠢ ᠪᠠᠭᠤᠷᠠᠭᠤᠯᠳᠠᠭ ᠪᠠᠶᠢᠨ᠎ᠠ᠃  ᠠᠮᠧᠷᠢᠺᠠ ᠲᠤᠯᠪᠤᠳᠤ ᠢᠯᠠᠭ᠎ᠠ  ᠶᠢ ᠰᠡᠷᠭᠡᠶᠢᠯᠡᠨ ᠵᠠᠰᠠᠬᠤ ᠠᠷᠭ᠎ᠠ᠄   ︵1︶  ᠭᠢᠵᠢᠭ  ᠤᠨ ᠪᠠᠶᠢᠴᠠᠭᠠᠯᠳᠠ ᠴᠢᠩᠭ᠎ᠠ ᠭᠢᠵᠤ᠂ ᠠᠮᠧᠷᠢᠺᠠ ᠲᠤᠯᠪᠤᠳᠤ ᠢᠯᠠᠭ᠎ᠠ  ᠶᠢᠨ ᠦᠷᠭᠡᠵᠢᠨ ᠦᠷᠪᠢᠰᠭᠦ ᠎ ᠶᠢ  ᠰᠡᠷᠭᠡᠶᠢᠯᠡᠨ ᠬᠤᠷᠢᠠᠠᠯᠠᠵᠤ᠂ ᠤᠮᠠᠷᠠᠳᠤ ᠤᠷᠤᠨ ᠵᠦᠭ ᠨᠤᠭᠤᠭ᠎ᠠ᠂ ᠴᠡᠴᠡᠭ ᠵᠡᠷᠭᠡ  ᠶᠢ ᠲᠡᠭᠡᠭᠡᠪᠤᠷᠢᠯᠡᠭᠦ ᠳᠡᠭᠡᠨ ᠠᠪᠠᠭᠠᠯᠳᠠᠢ᠂ ᠦᠨᠳᠡᠭᠡ ᠪᠤᠶᠤ  ᠭᠡᠤᠭᠡᠯᠳᠡᠢ  ᠶᠢ ᠤᠯᠵᠤ ᠮᠡᠳᠡᠪᠡᠯ᠂ ᠲᠤᠬᠠᠢ  ᠶᠢᠨ ᠭᠠᠵᠠᠷ ᠲᠤᠨᠢ ᠰᠢᠢᠳᠪᠤᠷᠢᠯᠡᠵᠤ᠂ ᠡᠮᠦᠨᠡᠳᠤ ᠤᠷᠤᠨ ᠠᠴᠠ ᠤᠮᠠᠷᠠᠳᠤ ᠤᠷᠤᠨ ᠵᠦᠭ ᠦᠷᠭᠡᠵᠢᠨ  ᠲᠠᠷᠬᠠᠬᠤ  ᠶᠢ ᠰᠡᠷᠭᠡᠶᠢᠯᠡᠨ ᠬᠤᠷᠢᠠᠠᠯᠠᠵᠤ᠂ ᠭᠢᠵᠢᠭ ᠎ ᠤᠨ ᠤᠷᠤᠨ ᠠᠴᠠ ᠨᠤᠭᠤᠭ᠎ᠠ ᠴᠠᠭ᠎ᠠ᠂ ᠬᠤᠸᠠᠷ ᠴᠡᠴᠡᠭ ᠲᠡᠭᠡᠭᠡᠪᠤᠷᠢᠯᠭᠦ  ᠶᠢ ᠡᠷᠡᠰ ᠴᠠᠭᠠᠵᠠᠯᠠᠬᠤ  ᠭᠡᠷᠡᠭᠳᠡᠢ᠃   ︵2︶   ᠲᠠᠷᠢᠶᠠᠯᠠᠩ  ᠤᠨ ᠠᠷᠭ᠎ᠠ ᠪᠠᠷ ᠰᠡᠷᠭᠡᠶᠢᠯᠡᠨ ᠵᠠᠰᠠᠬᠤ᠂ ᠲᠠᠷᠢᠶᠠᠨ ᠭᠠᠵᠠᠷ  ᠢᠶᠠᠨ ᠰᠠᠶᠢᠳᠤᠷ ᠴᠡᠪᠡᠷᠯᠡᠨ᠎ᠡ᠃  ᠬᠤᠷᠢᠶᠠᠯᠳᠠ ᠠᠪᠤᠠᠠᠰᠠᠨ  ᠤ ᠪᠠᠨ ᠲᠠᠷᠠᠭ᠎ᠠ᠂ ᠲᠠᠷᠢᠶᠠᠨ ᠭᠠᠵᠠᠷ ᠲᠠᠬᠢ ᠦᠯᠡᠳᠡᠭᠳᠡᠯ ᠨᠠᠪᠴᠢ ᠨᠠᠮᠠᠭ᠎ᠠ  ᠶᠢ ᠲᠦᠢᠯᠪᠤᠷᠢᠳᠡᠢ ᠴᠡᠪᠡᠷᠯᠡᠨ ᠠᠷᠢᠯᠭᠠᠵᠤ᠂  ᠭᠦᠨ ᠪᠤᠯᠬᠤ ᠪᠤᠶᠤ ᠰᠢᠳᠠᠭᠠᠵᠤ᠂ ᠬᠤᠷᠤᠬᠠᠢ  ᠶᠢᠨ ᠢᠷᠡᠯᠳᠡ  ᠶᠢ ᠤᠰᠠᠳᠬᠠᠨ᠎ᠠ᠃ ᠭᠠᠵᠠᠷ ᠲᠠᠯᠠᠪᠠᠢ ᠪᠠᠨ ᠭᠦᠨ ᠤᠷᠪᠠᠭᠤᠯᠵᠤ᠂ ᠭᠦᠷᠦᠰᠤᠨ  ᠭᠠᠳᠠᠷᠭᠤ ᠳᠠᠬᠢ ᠭᠡᠤᠭᠡᠯᠳᠡᠢ  ᠶᠢ ᠨᠡᠪᠴᠢᠭᠦᠯᠭᠦ ᠦᠭᠡᠢ ᠪᠠᠶᠢᠯᠭᠠᠵᠤ᠂ ᠢᠯᠠᠭ᠎ᠠ  ᠶᠢᠨ ᠨᠢᠠᠠᠳᠠᠴᠠ ᠲᠤᠭ᠎ᠠ  ᠶᠢ ᠪᠠᠭᠤᠷᠠᠭᠤᠯᠤᠨ᠎ᠠ᠃ ᠲᠤᠯᠪᠤᠳᠤ ᠢᠯᠠᠭ᠎ᠠ ᠎ ᠶᠢᠨ ᠢᠳᠡᠭᠦ ᠲᠤᠷᠠᠳᠡᠢ ᠭᠤᠸᠠ  ᠶᠢᠨ ᠲᠦᠷᠦᠯ᠂ ᠬᠠᠰᠢ ᠵᠢᠮᠢᠰ  ᠤᠨ ᠲᠦᠷᠦᠯ᠂ ᠪᠤᠷᠴᠠᠭ  ᠤᠨ ᠲᠦᠷᠦᠯ  ᠢ ᠢᠳᠡᠭᠦ ᠲᠤᠷ᠎ᠡ ᠦᠭᠡᠢ ᠨᠤᠭᠤᠭ᠎ᠠ  ᠵᠢᠱᠢᠶᠡᠯᠡᠪᠡᠯ ᠰᠤᠩᠭᠢᠨ᠎ᠠ᠂ ᠰᠠᠷᠢᠮᠰᠤᠭ  ᠤᠨ ᠲᠦᠷᠦᠯ  ᠤᠨ ᠨᠤᠭᠤᠭ᠎ᠠ ᠲᠠᠢ ᠲᠤᠬᠤᠨ ᠲᠠᠷᠢᠬᠤ ᠪᠤᠶᠤ ᠡᠭᠡᠯᠵᠢᠯᠡᠨ ᠲᠠᠷᠢᠨ᠎ᠠ᠃ ᠵᠤᠭᠢᠬᠤ ᠨᠢᠠᠠᠳᠠᠴᠠ  ᠲᠠᠢ ᠪᠠᠷ ᠲᠠᠷᠢᠵᠤ᠂ ᠲᠠᠷᠢᠶᠠᠨ ᠭᠠᠵᠠᠷ  ᠤᠨ ᠰᠠᠯᠭᠢ ᠨᠡᠪᠳᠡᠷᠡᠯᠳᠡ  ᠶᠢ ᠨᠨᠮᠡᠭᠳᠡᠭᠦᠯᠵᠤ᠂ ᠭᠡᠮ ᠬᠤᠷᠤᠬᠠᠢ ᠲᠠᠢ ᠪᠠᠭᠤᠷᠠᠢ ᠴᠢᠭᠢ᠂ ᠭᠡᠳᠦᠷᠭᠡᠢ  ᠨᠢᠠᠠᠳᠠ ᠰᠠᠭᠤᠷᠢ ᠪᠠ ᠨᠠᠪᠴᠢ ᠎ ᠶᠢ ᠴᠠᠭ ᠲᠠᠷᠤᠢ ᠳᠤᠨᠢ ᠰᠠᠶᠢᠷᠡᠭᠵᠢᠭᠦᠯᠵᠤ᠂ ᠤᠷᠭᠤᠮᠠᠯ  ᠤᠨ ᠤᠷᠭᠤᠯᠳᠠ  ᠶᠢ ᠨᠢ ᠠᠭᠢᠭᠤᠯᠤᠨ᠂ ᠭᠡᠮ  ᠢ  ᠡᠰᠡᠷᠭᠦᠴᠡᠭᠦ ᠴᠢᠳᠠᠯ  ᠢ ᠨᠢ ᠨᠡᠮᠡᠭᠳᠡᠭᠦᠯᠦᠨ᠎ᠠ᠃   ︵3︶  ᠹᠢᠽᠢᠺ  ᠤᠨ ᠠᠷᠭ᠎ᠠ ᠪᠠᠷ ᠰᠡᠷᠭᠡᠶᠢᠯᠡᠨ ᠵᠠᠰᠠᠨ᠎ᠠ᠃  ᠲᠤᠬᠠᠶᠢᠯᠠᠪᠠᠯ ᠰᠢᠷ᠎ᠠ ᠦᠡᠭᠭᠡ  ᠶᠢᠨ ᠨᠠᠭᠠᠯᠳᠤᠮᠠᠭᠠᠢ ᠬᠠᠪᠳᠠᠰᠤ ᠪᠤᠶᠤ ᠰᠢᠷ᠎ᠠ ᠨᠠᠭᠠᠯᠳᠤᠮᠠᠭᠠᠢ ᠴᠠᠭᠠᠰᠤ  ᠶᠢ ᠭᠡᠷᠡᠭᠯᠡᠨ  ᠪᠠᠶᠡᠯᠡᠭᠰᠡᠨ ᠬᠤᠷᠤᠬᠠᠢ  ᠶᠢ ᠬᠠᠭᠤᠷᠤᠨ ᠲᠦᠪᠯᠡᠷᠡᠭᠦᠯᠵᠤ ᠤᠰᠠᠳᠬᠠᠨ᠎ᠠ᠃ ︵4︶  ᠪᠢᠤᠯᠤᠭᠢ  ᠶᠢᠨ ᠠᠷᠭ᠎ᠠ ᠪᠠᠷ ᠰᠡᠷᠭᠡᠶᠢᠯᠡᠨ ᠵᠠᠰᠠᠨ᠎ᠠ᠂ ① ᠠᠯᠢ  ᠴᠢᠳᠠᠬᠤ ᠪᠠᠷ ᠲᠦᠷᠦᠯᠭᠢ  ᠶᠢᠨ ᠲᠠᠶᠢᠰᠤᠨ ᠳᠤᠨᠢ ᠬᠤᠤᠷ ᠦᠭᠡᠢ ᠪᠤᠶᠤ ᠬᠤᠤᠷ ᠪᠠᠭᠠᠳᠠᠢ ᠡᠮ  ᠢ ᠭᠡᠷᠡᠭᠯᠡᠨ᠂ ᠲᠦᠷᠦᠯᠭᠢ  ᠶᠢᠨ ᠲᠠᠶᠢᠰᠤᠨ  ᠢ ᠨᠢ  ᠬᠠᠮᠠᠭᠠᠯᠠᠨ ᠠᠰᠢᠠᠠᠯᠠᠵᠤ᠂ ᠭᠦᠨᠦᠭᠡᠯ  ᠢ ᠭᠢᠵᠠᠭᠠᠷᠯᠠᠬᠤ᠃ ᠠᠮᠧᠷᠢᠺᠠ ᠲᠤᠯᠪᠤᠳᠤ ᠢᠯᠠᠭ᠎ᠠ  ᠶᠢᠨ ᠲᠦᠷᠦᠯᠭᠢ  ᠶᠢᠨ ᠲᠠᠶᠢᠰᠤᠨ ᠨᠢ ᠭᠡᠪᠡᠯ ᠭᠤᠤᠯ ᠨᠢ  ᠨᠢᠭᠤᠠᠠᠳᠠᠮᠠᠬᠠᠢ ᠢᠯᠠᠭ᠎ᠠ  ᠶᠢᠨ ᠠᠩᠴᠢ ᠵᠢᠵᠢᠭ ᠵᠦᠭᠡᠢ᠂ ᠨᠢᠭᠤᠠᠠᠳᠠᠮᠠᠬᠠᠢ ᠢᠯᠠᠭ᠎ᠠ ᠎ ᠶᠢᠨ ᠰᠢᠷᠭᠡᠭᠳᠤ ᠵᠦᠭᠡᠢ ᠪᠤᠯᠤᠨ ᠡᠷᠡᠤᠳᠤ ᠰᠢᠷᠭᠡᠭᠳᠤ ᠵᠦᠭᠡᠢ  ᠵᠡᠷᠭᠡ ᠬᠤᠪᠢᠯᠵᠨ ᠵᠦᠭᠡᠢ ᠪᠤᠯ ᠴᠦᠮ ᠠᠪᠠᠭᠠᠯᠳᠠᠢ ᠎ ᠶᠢ ᠲᠡᠭᠦᠨ ᠢᠳᠡᠳᠡᠭ᠃ ᠠᠩᠴᠢ ᠵᠦᠭᠡᠢ ᠨᠢ ᠭᠡᠷ  ᠤᠨ ᠭᠠᠳᠠᠨ᠎ᠠ ᠠᠮᠢᠳᠤᠷᠠᠵᠤ᠂ ᠰᠢᠷᠭᠡᠭᠳᠤ  ᠵᠦᠭᠡᠢ ᠪᠤᠯᠤᠨ ᠡᠷᠡᠤᠳᠤ ᠵᠦᠭᠡᠢ ᠨᠢ ᠭᠡᠷ ᠲᠤᠳᠤᠷ᠎ᠠ ᠠᠮᠢᠳᠤᠷᠠᠵᠤ᠂ ᠬᠤᠯᠠᠠᠳ᠋ ᠨᠢᠭᠡᠨᠳᠡ ᠲᠠᠸᠠᠷᠴᠢᠯᠠᠨ ᠲᠡᠵᠢᠭᠡᠨ ᠦᠷᠡᠵᠢᠭᠦᠯᠵᠤ ᠪᠠᠶᠢᠬᠤ ᠪᠦᠭᠡᠳ  ᠡᠸᠦ᠋ᠷᠦᠫᠡ  ᠶᠢᠨ ᠡᠯ᠎ᠠ ᠤᠯᠤᠰ ᠵᠢᠴᠢ ᠶᠠᠫᠤᠨ ᠵᠡᠷᠭᠡ ᠤᠯᠤᠰ ᠤᠷᠤᠨ ᠳᠤ ᠬᠤᠳᠠᠯᠳᠤᠵᠤ ᠪᠠᠶᠢᠨ᠎ᠠ᠃ ᠠᠩᠴᠢ ᠵᠦᠭᠡᠢ ᠨᠢ ᠮᠦᠯᠵᠢᠨ ᠠᠮᠢᠳᠤᠷᠠᠬᠤ  ᠮᠦᠯᠵᠢᠭᠦᠷ  ᠤᠨ ᠡᠵᠡᠨ ᠪᠤᠯᠬᠤ ᠠᠴᠠ ᠭᠠᠳᠠᠨ᠎ᠠ ᠪᠠᠰᠠ ᠲᠤᠯᠪᠤᠳᠤ ᠢᠯᠠᠭ᠎ᠠ  ᠶᠢᠨ 1 ~2 ᠨᠠᠰᠤᠨ  ᠤ ᠠᠪᠠᠭᠠᠯᠳᠠᠢ  ᠶᠢ ᠬᠠᠳᠬᠤᠨ ᠪᠠᠷᠢᠵᠤ  ᠢᠳᠡᠨ᠂ 20℃ ᠎ ᠤᠨ ᠨᠦᠭᠦᠴᠡᠯ ᠲᠤᠤᠷ᠎ᠠ ᠨᠢᠭᠡ ᠡᠮ᠎ᠠ ᠵᠦᠭᠡᠢ ᠨᠢ ᠪᠠᠷᠤᠭ 70 ᠪᠡᠶᠡᠯᠡᠭᠰᠡᠨ ᠬᠤᠷᠤᠬᠠᠢ᠂ 290 ᠠᠪᠠᠭᠠᠯᠳᠠᠢ  ᠶᠢ ᠲᠡᠭᠦᠨ  ᠢᠳᠡᠳᠡᠭ ᠲᠤᠯᠠ ᠠᠩᠴᠢ ᠵᠦᠭᠡᠢ  ᠶᠢ ᠲᠡᠵᠢᠭᠡᠨ ᠠᠰᠢᠠᠠᠯᠠᠪᠠᠯ ᠮᠠᠰᠢ ᠰᠠᠶᠢᠨ ᠰᠡᠷᠭᠡᠶᠢᠯᠡᠨ ᠵᠠᠰᠠᠬᠤ ᠦᠷ᠎ᠠ ᠪᠦᠳᠦᠮᠵᠢ ᠤᠯᠵᠤ ᠪᠤᠯᠤᠨ᠎ᠠ᠃ ᠡᠳᠡᠭᠡᠷ  ᠨᠢᠭᠤᠠᠠᠳᠠᠮᠠᠬᠠᠢ ᠢᠯᠠᠭ᠎ᠠ  ᠶᠢᠨ ᠠᠩᠴᠢ ᠵᠦᠭᠡᠢ ᠨᠢ ᠲᠠᠷᠢᠶᠠᠨ ᠳᠠᠬᠢ ᠪᠠᠶᠢᠭᠠᠯᠢᠭ ᠨᠦᠭᠦᠴᠡᠯ ᠲᠤᠤᠷ᠎ᠡ ᠡᠪᠤᠯᠵᠢᠳᠡᠭ ᠪᠦᠭᠡᠳ ᠲᠠᠷᠠᠭ᠎ᠠ ᠵᠢᠯ  ᠤᠨ ᠭᠢᠨᠢ 5 ᠳ᠋ᠤᠭᠠᠷ ᠰᠠᠷ᠎ᠠ ᠠᠴᠠ ᠬᠤᠶᠢᠰᠢ ᠮᠦᠯᠵᠢᠭᠳᠡᠭᠴᠢ ᠡᠷᠢᠳᠡᠭ ᠪᠠᠶᠢᠨ᠎ᠠ᠃ ᠤᠳᠤᠬᠠᠨ ᠳᠤ ᠮᠠᠨ  ᠤ ᠤᠯᠤᠰ ᠲᠦᠷᠦᠯᠭᠢ ᠲᠠᠶᠢᠰᠤᠨ  ᠢ ᠠᠰᠢᠠᠠᠯᠠᠬᠤ  ᠲᠤᠷᠰᠢᠳᠡ  ᠶᠢ ᠶᠠᠭ ᠰᠤᠳᠤᠯᠤᠨ ᠭᠢᠵᠤ ᠪᠠᠶᠢᠨ᠎ᠠ᠃ ᠪᠡᠭᠡᠵᠢᠩ  ᠤᠨ ᠲᠠᠷᠢᠶᠠᠨ ᠳᠤ ᠮᠦᠯᠵᠢᠭᠴᠢ ᠴᠢᠨᠠᠷᠳᠡᠢ ᠲᠦᠷᠦᠯᠭᠢ  ᠶᠢᠨ ᠲᠠᠶᠢᠰᠤᠨ ᠪᠠᠶᠢᠬᠤ  ᠠᠴᠠ ᠭᠠᠳᠠᠨ᠎ᠠ ᠪᠠᠰᠠ ᠠᠪᠠᠭᠠᠯᠳᠠᠢ  ᠶᠢᠨ ᠬᠤᠭᠤᠴᠠᠭᠠᠨ ᠳᠤᠨᠢ ᠪᠠᠷᠢᠵᠤ ᠢᠳᠡᠳᠡᠭ ᠲᠦᠷᠤᠯᠭᠢ  ᠶᠢᠨ ᠲᠠᠶᠢᠰᠤᠨ ᠪᠠᠶᠢᠨ᠎ᠠ᠂ ᠵᠢᠱᠢᠶᠡᠯᠡᠪᠡᠯ ᠴᠤᠬᠤᠷ  ᠪᠢᠰ᠂ ᠵᠢᠮ᠎ᠠ ᠬᠤᠷᠤᠬᠠᠢ ᠪᠤᠯᠤᠨ ᠵᠢᠵᠢᠭ ᠤᠯᠠᠭᠠᠨ ᠰᠢᠷᠭᠤᠯᠵᠢ ᠪᠠᠶᠢᠨ᠎ᠠ᠃ ᠨᠦᠭᠦᠴᠡᠯ ᠨᠢ ᠲᠤᠭᠢᠷᠠᠮᠵᠢᠳᠡᠢ ᠪᠡ ᠡᠮ ᠭᠡᠷᠭᠯᠡᠭᠦ ᠦᠭᠡᠢ ᠪᠤᠶᠤ ᠬᠤᠷᠤᠬᠠᠢ  ᠤᠰᠠᠳᠬᠠᠬᠤ ᠡᠮ  ᠢ ᠵᠤᠠᠠᠰᠤᠭᠠᠠᠠᠰᠠᠨ ᠨᠦᠭᠦᠴᠡᠯ ᠲᠤᠤᠷ᠎ᠠ ᠠᠪᠠᠭᠠᠯᠳᠠᠢ  ᠶᠢᠨ ᠲᠦᠷᠦᠯᠭᠢ  ᠶᠢᠨ ᠲᠠᠶᠢᠰᠤᠨ  ᠤ ᠮᠦᠯᠵᠢᠭᠦ ᠨᠤᠷᠮ᠎ᠠ ᠨᠢ 80% ~100%᠎ ᠳᠤ ᠭᠦᠷᠳᠡᠭ᠃ ② ᠨᠢᠶᠠᠨ ᠲᠠᠷᠤᠠᠠᠴᠢ ᠡᠮ  ᠢ ᠭᠡᠷᠡᠭᠯᠡᠭᠦ᠂ 1.8% ᠎ ᠶᠢᠨ ᠴᠢ ᠮᠠᠨ ᠰᠤ᠋ ︵齐螨素︶ ᠲᠤᠬᠠᠶᠢᠯᠠᠪᠠᠯ ᠠ  ᠸᠧᠢ ᠵᠢᠶᠦ᠋ᠨ ᠰᠤ᠋ ︵阿维菌素︶᠂ ᠠ ᠪᠠ ᠳ᠋ᠢᠩ ︵阿巴丁︶᠂ ᠠᠢ ᠹᠦ᠋ ᠳ᠋ᠢᠩ ︵爱福丁︶᠂ ᠬᠠᠢ ᠵᠢᠢ ᠮᠢᠶᠧ ︵害极灭︶᠂ ᠴᠦᠡᠭ ᠮᠠᠨ ︵虫螨︶ ᠵᠡᠷᠭᠡ ᠲᠤᠰᠤᠨ ᠡᠮ  ᠤᠨ 3000 ᠲᠠᠭᠢᠨ  ᠤ ᠰᠢᠩᠭᠡᠨ  ᠢ ᠰᠦᠷᠴᠢᠪᠡᠯ᠂ 85%᠎ ᠠᠴᠠ ᠲᠡᠭᠡᠭᠰᠢ  ᠰᠡᠷᠭᠡᠶᠢᠯᠡᠨ ᠵᠠᠰᠠᠵᠤ ᠲᠠᠶᠢᠯᠦᠨ᠎ᠠ᠃ ③ ᠤᠷᠭᠤᠮᠠᠯ  ᠤᠨ ᠴᠢᠨᠠᠷᠳᠡᠢ ᠡᠮ  ᠢ ᠭᠡᠷᠡᠭᠯᠡᠭᠦ᠃ 1.1% ᠎ ᠶᠢᠨ ᠯᠢᠤᠢ ᠯᠠᠩ ︵绿浪︶ 2 ᠨᠤᠮᠸᠠᠷᠳᠤ  ᠡᠮ  ᠤᠨ 1000 ~1500 ᠲᠠᠭᠢᠨ  ᠤ ᠰᠢᠩᠭᠡᠨ  ᠢ ᠰᠦᠷᠴᠢᠵᠤ ᠭᠡᠷᠡᠭᠯᠡᠪᠡᠯ ᠡᠮ ᠭᠡᠷᠡᠭᠯᠡᠭᠰᠡᠨ  ᠤ ᠲᠠᠷᠠᠭᠠᠭᠢ 3᠂ 7᠂ 15 ᠬᠤᠨᠤᠭ ᠲᠤ  ᠰᠡᠷᠭᠡᠶᠢᠯᠡᠯᠳᠡ  ᠶᠢᠨ ᠦᠷ᠎ᠠ ᠪᠦᠳᠦᠮᠵᠢ ᠨᠢ 85%᠎ ᠠᠴᠠ ᠲᠡᠭᠡᠭᠰᠢ ᠳᠤ ᠭᠦᠷᠴᠤ᠂ ᠦᠢᠯᠡᠳᠦᠯᠳᠤ ᠬᠤᠭᠤᠴᠠᠭ᠎ᠠ ᠨᠢ 20 ᠬᠤᠨᠤᠭ ᠠᠴᠠ ᠲᠠᠪᠠᠳᠠᠭ᠃  ④ ᠭᠢᠮᠢ ᠎ ᠶᠢᠨ ᠠᠷᠭ᠎ᠠ ᠪᠠᠷ ᠵᠠᠰᠠᠬᠤ ᠳᠤ᠂ ᠡᠭᠦᠨ ᠳᠤ 40% ᠎ ᠶᠢᠨ ᠴᠢ ᠳ᠋ᠢ ᠸᠧᠢ ︵齐敌畏︶ ᠲᠤᠰᠤᠨ ᠡᠮ  ᠤᠨ ᠎ 1000 ~ 1500 ᠲᠠᠭᠢᠨ  ᠤ ᠰᠢᠩᠭᠡᠨ᠂ 20% ᠎ ᠶᠢᠨ ᠺᠠᠨᠭ᠌ ᠹᠦ᠋ ᠳ᠋ᠦᠸᠧ ᠨᠦᠡᠭ ︵康福多浓︶ ᠡᠮ  ᠤᠨ 2000 ᠲᠠᠭᠢᠨ  ᠤ ᠰᠢᠩᠭᠡᠨ᠂ 10% ᠎ ᠶᠢᠨ ᠪᠢ ᠴᠦᠡᠭ ᠯᠢᠨ ︵吡虫啉︶ ᠡᠮ  ᠤᠨ 1000 ᠲᠠᠭᠢᠨ  ᠤ ᠰᠢᠩᠭᠡᠨ᠂ 48% ᠎ ᠶᠢᠨ ᠳ᠋ᠦ᠋ ᠰᠧ ᠫᠢ ︵毒死蜱︶ ᠲᠤᠰᠤᠨ ᠡᠮ  ᠤᠨ 800 ~ 1000 ᠲᠠᠭᠢᠨ  ᠤ ᠰᠢᠩᠭᠡᠨ᠂ 18 % ᠎ ᠶᠢᠨ ᠱᠠ ᠴᠦᠡᠭ ᠱᠤᠸᠠᠩ ︵杀虫双︶ ᠤᠰᠤᠨ ᠡᠮ  ᠤᠨ 300 ᠲᠠᠭᠢᠨ ᠎ ᠤ ᠰᠢᠩᠭᠡᠨ᠂ 98% ᠎ ᠶᠢᠨ ᠪᠠ ᠳ᠋ᠠᠨ ︵巴丹︶ ᠠᠭᠤᠰᠤᠮᠠᠯ  ᠤᠨ ᠨᠤᠨᠳᠠᠭ ᠡᠮ  ᠤᠨ 1500 ᠲᠠᠭᠢᠨ  ᠤ ᠰᠢᠩᠭᠡᠨ᠂ 10% ᠎ ᠶᠢᠨ ᠠᠨ ᠯᠢᠤᠢ ᠪᠤᠤ ︵安绿宝︶᠂ ᠰᠢᠩ ᠮᠢᠶᠠᠨ ᠪᠤᠤ ︵兴棉宝︶᠂ ᠮᠢᠶᠧ ᠪᠠᠢ ᠺᠧ ︵灭百可︶ ᠲᠤᠰᠤᠨ ᠡᠮ  ᠤᠨ 3000 ᠲᠠᠭᠢᠨ  ᠤ ᠰᠢᠩᠭᠡᠨ᠂ 2.5 % ᠭᠦᠡᠭ ᠹᠦ᠋ ︵功夫︶ ᠲᠤᠰᠤᠨ ᠡᠮ  ᠤᠨ 2000 ~3000 ᠲᠠᠭᠢᠨ  ᠤ ᠰᠢᠩᠭᠡᠨ᠂ 5% ᠎ ᠶᠢᠨ ᠺᠠᠠ ᠰᠧ ᠺᠧ ︵卡死克︶ ᠲᠤᠰᠤᠨ ᠡᠮ  ᠤᠨ 1000 ~ 3000 ᠲᠠᠭᠢᠨ  ᠤ ᠰᠢᠩᠭᠡᠨ  ᠢ 4 ~ 6 ᠡᠳᠤᠷ  ᠠᠯᠤᠰᠯᠠᠭᠠᠳ ᠨᠢᠭᠡ ᠣᠳᠠᠭ᠎ᠠ ᠰᠦᠷᠴᠢᠵᠤ᠂ ᠦᠷᠭᠦᠯᠵᠢᠯᠡᠨ 4 ~ 5 ᠤᠳᠠᠭ᠎ᠠ ᠰᠦᠷᠴᠢᠨ ᠰᠡᠷᠭᠡᠶᠢᠯᠡᠨ ᠵᠠᠰᠠᠨ᠎ᠠ᠂ ᠪᠠᠶᠡᠯᠡᠭᠰᠡᠨ ᠬᠤᠷᠤᠬᠠᠢ ᠎ ᠶᠢ  ᠤᠰᠠᠳᠬᠠᠬᠤ ᠳᠤ ᠦᠳᠡ  ᠶᠢᠨ ᠡᠮᠦᠨᠡᠭᠢ 8 ᠴᠠᠭ ᠲᠤ ᠡᠮ  ᠢᠶᠠᠨ ᠰᠦᠷᠴᠢᠪᠡᠯ ᠬᠠᠮᠤᠭ  ᠤᠨ ᠰᠠᠶᠢᠨ᠂ ᠠᠪᠠᠭᠠᠯᠳᠠᠢ  ᠶᠢ ᠰᠡᠷᠭᠡᠶᠢᠯᠡᠭᠦ ᠳᠤ 1 ~ 2 ᠨᠠᠰᠤᠨ  ᠤ ᠬᠤᠭᠤᠴᠠᠭᠠᠨ ᠳᠤᠨᠢ ᠡᠮ ᠰᠦᠷᠴᠢᠪᠡᠯ ᠨᠡᠩ ᠰᠠᠶᠢᠨ ᠪᠠᠶᠢᠳᠠᠭ᠃ ᠲᠡᠭᠡᠷ᠎ᠡ ᠲᠤᠷᠠᠳᠤᠠᠠᠰᠠᠨ ᠡᠮ  ᠢ ᠰᠤᠯᠢᠪᠴᠠᠭᠤᠯᠤᠨ ᠭᠡᠷᠡᠭᠯᠡᠪᠡᠯ᠂ ᠡᠮ  ᠳᠤ ᠲᠠᠰᠪᠤᠷᠢᠳᠡᠢ ᠪᠤᠯᠬᠤ  ᠶᠢ ᠰᠡᠷᠭᠡᠶᠢᠯᠡᠵᠤ ᠴᠢᠳᠠᠨ᠎ᠠ᠃ ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ  
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号