ᠪᠦᠭᠡᠷᠡᠩᠭᠡᠢ ᠴᠠᠭᠠᠨ ᠨᠤᠭᠤᠭᠠᠨ  ᠤ ᠢᠳᠤᠬᠠᠨ  ᠤ ᠬᠦᠨᠦᠭᠡᠯ  ᠢ ᠰᠡᠷᠭᠡᠶᠢᠯᠡᠨ ᠵᠠᠰᠠᠬᠤ
ᠨᠡᠶᠢᠲᠡᠯᠡᠭᠰᠡᠨ ᠴᠠᠭ᠄
2021/9/28
ᠲᠤᠰ ᠢᠳᠤᠬᠠᠨ  ᠤ ᠢᠳᠡᠰᠢ ᠨᠢ ᠮᠠᠰᠢ ᠤᠯᠠᠨ ᠪᠠᠶᠢᠵᠤ᠂ ᠤᠯᠵᠤ ᠮᠡᠳᠡᠭᠰᠡᠨ  ᠢᠶᠠᠷ ᠪᠤᠯ 45 ᠢᠵᠠᠭᠤᠷ  ᠤᠨ 100  ᠭᠠᠷᠤᠢ ᠲᠦᠷᠦᠯ ᠳᠤ ᠤᠷᠤᠩᠨᠠᠵᠤ᠂ ᠨᠤᠭᠤᠭ᠎ᠠ  ᠶᠢᠨ ᠲᠠᠯ᠎ᠠ ᠪᠠᠷ ᠭᠤᠤᠯ ᠨᠢ ᠪᠦᠭᠡᠷᠡᠩᠭᠡᠢ ᠴᠠᠭᠠᠨ ᠨᠤᠭᠤᠭ᠎ᠠ᠂ ᠴᠠᠴᠡᠭᠳᠤ ᠴᠠᠭᠠᠨ ᠨᠤᠭᠤᠭ᠎ᠠ᠂  ᠯᠤᠤᠪᠠᠨᠭ᠌᠂ ᠲᠤᠰᠤᠳᠤ ᠨᠤᠭᠤᠭ᠎ᠠ᠂ ᠬᠠᠰᠢ  ᠶᠢᠨ ᠲᠦᠷᠦᠯ᠂ ᠪᠤᠷᠴᠠᠭ  ᠤᠨ ᠲᠦᠷᠦᠯ᠂ ᠭᠤᠸᠠ  ᠶᠢᠨ ᠲᠦᠷᠦᠯ᠂ ᠲᠦᠮᠦᠰᠤ ᠵᠡᠷᠭᠡ  ᠶᠢ ᠢᠳᠡᠳᠡᠭ  ᠪᠠᠶᠢᠨ᠎ᠠ᠃ ᠰᠠᠶ᠋ᠢ ᠨᠠᠪᠴᠢᠭ᠍ᠰᠡᠨ ᠠᠪᠠᠭᠠᠯᠳᠠᠢ ᠨᠢ ᠨᠠᠪᠴᠢᠨ ᠎ ᠤ ᠠᠷᠤ ᠲᠠᠯ᠎ᠠ ᠳᠤ ᠰᠦᠷᠦᠭᠯᠡᠨ ᠴᠤᠠᠠᠯᠠᠵᠤ᠂ ᠨᠠᠪᠴᠢᠨ  ᠤ ᠮᠢᠬ᠎ᠠ  ᠶᠢ ᠮᠠᠷᠠᠨ ᠢᠳᠡᠵᠤ᠂  ᠬᠠᠯᠢᠰᠤ  ᠶᠢ ᠨᠢ ᠦᠯᠡᠳᠡᠭᠡᠳᠡᠭ ᠪᠠᠶᠢᠨ᠎ᠠ᠃ 2 ~3 ᠨᠠᠰᠤᠯᠠᠪᠠᠯ ᠲᠠᠷᠬᠠᠨ ᠰᠠᠯᠵᠤ᠂ ᠨᠠᠪᠴᠢ  ᠶᠢ ᠨᠦᠭᠡᠯᠡᠨ ᠢᠳᠡᠳᠡᠭ ᠪᠠ 4 ᠨᠠᠰᠤᠯᠬᠠᠰᠠᠨ ᠠᠴᠠ  ᠬᠤᠶᠢᠰᠢ ᠰᠦᠨᠢ ᠳᠡᠭᠡᠨ ᠭᠠᠷᠴᠤ ᠢᠷᠡᠨ ᠴᠠᠳᠳᠠᠯ᠎ᠠ ᠪᠠᠨ ᠢᠳᠡᠵᠤ᠂ ᠨᠠᠪᠴᠢᠨ  ᠤ ᠰᠤᠳᠠᠯ ᠪᠠᠷᠢᠭᠤᠯ  ᠢ ᠯᠡ ᠦᠯᠡᠳᠡᠵᠤ᠂ ᠭᠦᠭᠰᠢᠨ ᠪᠡᠶᠡᠯᠡᠭᠰᠡᠨ  ᠬᠤᠷᠤᠬᠠᠢ ᠨᠢ ᠲᠠᠷᠢᠮᠡᠯ  ᠢ ᠭᠦᠯᠡᠶᠢᠳᠡᠯ᠎ᠠ ᠢᠳᠡᠳᠡᠭ ᠪᠦᠭᠡᠳ ᠵᠡᠷᠭᠡᠯᠡᠳᠡᠭᠡ ᠲᠠᠷᠢᠶᠠᠨ ᠵᠦᠭ ᠪᠦᠯᠦᠭᠯᠡᠨ ᠨᠡᠭᠦᠵᠤ ᠭᠦᠨᠦᠭᠡᠳᠡᠭ ᠪᠠᠶᠢᠨ᠎ᠠ᠃ ᠲᠤᠮᠤ  ᠪᠡᠶᠡᠯᠡᠭᠰᠡᠨ ᠬᠤᠷᠤᠬᠠᠢ ᠨᠢ ᠨᠠᠪᠴᠢᠨ  ᠤ ᠪᠦᠮᠪᠦᠭᠡ ᠪᠤᠶᠤ ᠨᠤᠭᠤᠭ᠎ᠠ  ᠶᠢᠨ ᠭᠤᠤᠯ ᠳᠤ ᠨᠦᠭᠡᠯᠡᠨ ᠤᠷᠤᠵᠤ᠂ ᠢᠯᠭᠠᠳᠠᠰᠤ ᠪᠠᠨ ᠭᠡᠭᠡᠵᠤ᠂ ᠢᠯᠵᠠᠷᠠᠬᠤ  ᠡᠪᠡᠳᠴᠢᠨ  ᠢ ᠡᠭᠦᠰᠭᠡᠨ᠂ ᠨᠤᠭᠤᠭ᠎ᠠ  ᠶᠢᠨ ᠲᠠᠸᠠᠷ  ᠤᠨ ᠦᠨ᠎ᠠ ᠦᠷᠳᠡᠭ  ᠢ ᠨᠢ ᠠᠯᠳᠠᠭᠤᠯᠳᠠᠭ᠃ ᠠᠪᠠᠭᠠᠯᠳᠠᠢ ᠨᠢ ᠪᠠᠰᠠ ᠸᠠᠩᠳ᠋ᠸᠤ  ᠶᠢᠨ ᠲᠡᠭᠡᠷ᠎ᠡ  ᠠᠴᠠ ᠢᠳᠡᠰᠢ ᠡᠷᠢᠵᠤ᠂ ᠨᠠᠪᠴᠢ᠂ ᠴᠡᠴᠡᠭ᠂ ᠨᠢᠯᠬ᠎ᠠ ᠦᠵᠦᠭᠦᠷ ᠪᠤᠯᠤᠨ ᠨᠢᠯᠬ᠎ᠠ ᠪᠤᠭᠤᠷᠴᠠᠭ  ᠢ ᠢᠳᠡᠳᠡᠭ ᠪᠠᠶᠢᠨ᠎ᠠ᠃ ᠪᠦᠭᠡᠷᠡᠩᠭᠡᠢ ᠴᠠᠭᠠᠨ ᠨᠤᠭᠤᠭ᠎ᠠ  ᠶᠢᠨ ᠢᠳᠤᠬᠠᠨ  ᠢ ᠰᠡᠷᠭᠡᠶᠢᠯᠡᠨ ᠵᠠᠰᠠᠬᠤ᠄   ︵1︶  ᠲᠠᠷᠢᠶᠠᠯᠠᠩ  ᠤᠨ ᠠᠷᠭ᠎ᠠ ᠪᠠᠷ ᠰᠡᠷᠭᠡᠶᠢᠯᠡᠨ ᠵᠠᠰᠠᠨ᠎ᠠ᠃ ᠬᠤᠷᠢᠶᠠᠯᠳᠠ ᠠᠪᠤᠠᠠᠰᠠᠨ  ᠤ ᠪᠠᠨ ᠰᠡᠭᠦᠯᠡᠷ ᠨᠤᠭᠤᠭ᠎ᠠ ᠎ ᠶᠢᠨ  ᠲᠠᠷᠢᠶ᠎ᠠ ᠪᠠᠨ ᠨᠠᠮᠤᠷ ᠪᠤᠶᠤ ᠡᠪᠤᠯ ᠬᠠᠭᠠᠯᠪᠤᠷᠢᠯᠠᠨ ᠭᠦᠨ ᠤᠷᠪᠡᠭᠤᠯᠵᠤ᠂ ᠰᠤᠯᠠ ᠡᠪᠡᠰᠤ  ᠶᠢ ᠨᠢ ᠴᠡᠪᠡᠷᠯᠡᠨ ᠠᠷᠢᠯᠭᠠᠪᠠᠯ᠂ ᠨᠢᠭᠡ ᠪᠦᠯᠦᠭ ᠡᠪᠤᠯᠵᠢᠭᠦ  ᠭᠡᠤᠭᠡᠯᠳᠡᠢ  ᠶᠢ ᠤᠰᠠᠳᠬᠠᠵᠤ ᠪᠤᠯᠤᠨ᠎ᠠ᠃ ᠲᠠᠭᠢᠪᠡᠯ ᠲᠠᠷᠢᠶᠠᠨ ᠠᠵᠢᠯ ᠲᠠᠢ ᠪᠠᠨ ᠤᠶᠠᠯᠳᠤᠭᠤᠯᠤᠨ᠂ ᠦᠨᠳᠡᠭᠡᠨ ᠪᠦᠭᠡᠮ  ᠢ ᠲᠠᠷᠦ᠋ᠢᠬᠠᠨ ᠠᠷᠢᠯᠭᠠᠬᠤ  ᠪᠠ ᠰᠠᠶ᠋ᠢ ᠨᠡᠪᠴᠢᠭᠰᠡᠨ ᠠᠪᠠᠭᠠᠯᠳᠠᠢ ᠨᠢ ᠨᠠᠪᠴᠢᠨ ᠲᠡᠭᠡᠷ᠎ᠡ ᠴᠤᠠᠠᠯᠠᠷᠠᠬᠤ ᠦᠶᠡᠰ ᠲᠦᠪᠯᠡᠷᠡᠭᠦᠯᠦᠨ ᠤᠰᠠᠳᠬᠠᠨ᠎ᠠ᠃   ︵2︶   ᠪᠡᠶᠡᠯᠡᠭᠰᠡᠨ ᠢᠳᠤᠬᠠᠨ  ᠢ ᠬᠠᠭᠤᠷᠤᠨ ᠤᠰᠠᠳᠬᠠᠨ᠎ᠠ᠃ ᠪᠡᠶᠡᠯᠡᠭᠰᠡᠨ ᠬᠤᠷᠤᠬᠠᠢ  ᠶᠢᠨ ᠭᠡᠷᠡᠯᠰᠡᠭ ᠴᠢᠨᠠᠷ  ᠢ ᠠᠰᠢᠯᠠᠠᠨ᠂  ᠨᠡᠪᠴᠢᠭᠦ ᠬᠤᠭᠤᠴᠠᠭᠠᠨ ᠳᠤᠨᠢ ᠬᠠᠷ᠎ᠠ ᠭᠡᠷᠡᠯ  ᠤᠨ ᠳ᠋ᠸᠡᠭ ᠡᠯᠭᠦᠭᠦ ᠪᠤᠶᠤ ᠰᠢᠭᠢᠷ ᠽᠤ᠋  ᠶᠢᠨ ᠰᠠᠪᠠ ᠲᠠᠯᠪᠢᠵᠤ᠂ ᠲᠤᠬᠠᠶᠢᠯᠠᠪᠠᠯ ᠬᠠᠭᠤᠷᠬᠤ ᠰᠢᠩᠭᠡᠨ  ᠳᠤ ᠰᠢᠭᠢᠷ᠂ ᠽᠤᠤ᠂ ᠠᠷᠢᠭᠢ᠂ ᠤᠰᠤ  ᠶᠢ 10᠄ 1᠄ 1᠄ 8 ᠎ ᠶᠢᠨ ᠬᠠᠷᠢᠴᠠᠯ  ᠢᠶᠠᠷ ᠨᠠᠶᠢᠷᠠᠭᠤᠯᠤᠨ ᠲᠠᠯᠪᠢᠵᠤ ᠤᠰᠠᠳᠬᠠᠨ᠎ᠠ᠃   ︵3︶  ᠪᠢᠤᠯᠤᠭᠢ  ᠶᠢᠨ ᠠᠷᠭ᠎ᠠ ᠪᠠᠷ ᠰᠠᠷᠭᠡᠶᠢᠯᠡᠨ ᠵᠠᠰᠠᠨ᠎ᠠ᠃ ① ᠠᠪᠠᠭᠠᠯᠳᠡᠢ ᠭᠤᠷᠪᠡ ᠨᠠᠰᠤᠯᠠᠬᠤ ᠠᠴᠠ ᠡᠮᠦᠨ᠎ᠠ᠂  ᠪᠠᠺᠲ᠋ᠧᠷᠢᠳᠤ ᠬᠤᠷᠤᠬᠠᠢ ᠤᠰᠠᠳᠬᠠᠬᠤ ᠡᠮ ᠪᠤᠯᠬᠤ ᠰᠤ᠋ ᠶᠦᠨ ᠶᠢᠨ ︵苏云金︶ ᠰᠠᠪᠬᠠᠨ ᠪᠠᠺᠲ᠋ᠧᠷᠢ  ᠶᠢ ᠭᠡᠷᠡᠭᠯᠡᠨ ᠤᠰᠠᠳᠬᠠᠨ᠎ᠠ᠃ ②  ᠦᠨᠳᠡᠭᠡᠯᠡᠭᠦ ᠬᠤᠭᠤᠴᠠᠭᠠᠨ ᠳᠤᠨᠢ ᠲᠦᠷᠦᠯᠭᠢ  ᠶᠢᠨ ᠲᠠᠶᠢᠰᠤᠨ ᠤᠯᠠᠭᠠᠨ ᠨᠢᠳᠤᠳᠤ ᠵᠦᠭᠡᠢ ᠲᠠᠯᠪᠢᠨ ᠪᠠᠷᠢᠭᠤᠯᠤᠨ᠎ᠠ᠃ ᠵᠦᠭᠡᠢ ᠲᠠᠯᠪᠢᠬᠤ ᠳᠠᠭᠠᠨ 667 ᠲᠡᠭᠰᠢ ᠲᠦᠷᠪᠡᠯᠵᠢᠨ ᠮᠧᠲᠷ ᠲᠠᠯᠠᠪᠠᠢ ᠪᠦᠷᠢ 6 ~8 ᠴᠢᠭ᠋ ᠭᠠᠷᠭᠠᠵᠤ᠂ ᠴᠢᠭ᠋ ᠪᠦᠷᠢ ᠤᠳᠠᠭ᠎ᠠ ᠪᠤᠯᠭᠠᠨ 2000 ~3000  ᠵᠦᠭᠡᠢ ᠲᠠᠯᠪᠢᠵᠤ᠂ ᠦᠷᠭᠦᠯᠵᠢᠯᠡᠨ 2 ~3 ᠤᠳᠠᠭ᠎ᠠ ᠲᠠᠯᠪᠢᠨ ᠪᠠᠷᠢᠭᠤᠯᠤᠨ᠎ᠠ᠃ ︵4︶  ᠡᠮ  ᠢᠶᠠᠷ ᠰᠡᠷᠭᠡᠶᠢᠯᠡᠨ ᠵᠠᠰᠠᠨ᠎ᠠ᠂ ᠠᠪᠠᠭᠠᠯᠳᠠᠢ ᠨᠢ ᠭᠤᠷᠪᠡ ᠨᠠᠰᠤᠯᠠᠬᠤ ᠠᠴᠠ ᠡᠮᠦᠨ᠎ᠠ ᠨᠡᠯᠢᠶᠡᠳ ᠲᠦᠪᠯᠡᠷᠡᠩᠭᠦᠢ᠂  ᠢᠳᠡᠭᠦ ᠨᠢ ᠪᠠᠭ᠎ᠠ᠂ ᠡᠮ  ᠢ ᠲᠡᠰᠪᠤᠷᠢᠯᠡᠭᠦ ᠨᠢ ᠪᠠᠷᠤᠠᠠᠳᠠᠢ ᠪᠠᠶᠢᠳᠠᠭ ᠠᠰᠢᠠᠠᠳᠠᠢ ᠲᠤᠭᠢᠶᠠᠯ  ᠢ ᠡᠵᠡᠮᠳᠡᠵᠤ᠂ ᠭᠢᠮᠢ  ᠶᠢᠨ ᠡᠮ  ᠢᠶᠠᠷ ᠤᠰᠠᠳᠬᠠᠨ᠎ᠠ᠂  ᠪᠠᠶᠢᠡᠭᠭᠤ ᠭᠡᠷᠡᠭᠯᠡᠭᠦ ᠡᠮ ᠪᠤᠯᠤᠨ ᠭᠡᠷᠡᠭᠯᠡᠭᠦ ᠭᠡᠮᠵᠢᠶ᠎ᠠ  ᠶᠢ ᠪᠤᠯ ᠨᠤᠭᠤᠭ᠎ᠠ  ᠶᠢᠨ ᠢᠳᠤᠬᠠᠨ ᠳᠤ ᠭᠡᠷᠡᠭᠯᠡᠭᠦ ᠲᠠᠢ ᠠᠳᠠᠯᠢ ᠭᠡᠷᠡᠭᠯᠡᠨ᠎ᠡ᠃   ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ  
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号