ᠢᠳᠡᠰᠢᠨ ᠨᠤᠭᠤᠭ᠎ᠠ  ᠶᠢᠨ ᠮᠢᠩ ᠬᠤᠷᠤᠬᠠᠢ  ᠶᠢᠨ  ᠬᠦᠨᠦᠭᠡᠯ  ᠎ ᠢ ᠰᠡᠷᠭᠡᠶᠢᠯᠡᠨ ᠵᠠᠰᠠᠬᠤ
ᠨᠡᠶᠢᠲᠡᠯᠡᠭᠰᠡᠨ ᠴᠠᠭ᠄
2021/9/28
ᠲᠤᠰ ᠬᠤᠷᠤᠬᠠᠢ ᠪᠤᠯ ᠭᠤᠤᠯ ᠨᠢ ᠯᠤᠤᠪᠠᠨᠭ᠌᠂ ᠴᠠᠭᠠᠨ ᠨᠤᠭᠤᠭ᠎ᠠ᠂ ᠪᠦᠭᠡᠷᠡᠩᠭᠢ ᠴᠠᠭᠠᠨ ᠨᠤᠭᠤᠭ᠎ᠠ᠂ ᠴᠠᠴᠡᠭᠳᠤ  ᠴᠠᠭᠠᠨ ᠨᠤᠭᠤᠭ᠎ᠠ᠂ ᠮᠠᠠᠵᠢᠨ ᠵᠡᠷᠭᠡ ᠲᠠᠷᠢᠮᠠᠯ  ᠢ ᠭᠦᠨᠦᠭᠡᠳᠡᠭ᠂ ᠭᠤᠤᠯ ᠨᠢ ᠠᠪᠠᠭᠠᠯᠳᠠᠢ ᠨᠢ ᠨᠦᠭᠡᠯᠡᠨ ᠤᠷᠤᠵᠤ ᠬᠦᠨᠦᠭᠡᠳᠡᠭ᠃ ᠠᠪᠠᠭᠠᠯᠳᠠᠢ ᠨᠢ  ᠨᠠᠪᠴᠢᠭ᠍ᠰᠡᠨ  ᠤ ᠰᠡᠭᠦᠯᠡᠷ ᠨᠤᠭᠤᠭ᠎ᠠ  ᠶᠢᠨ ᠭᠤᠤᠯ ᠳᠤ ᠮᠠᠴᠤᠵᠤ᠂ ᠰᠢᠷᠭᠡᠭ ᠪᠦᠭᠡᠯᠵᠢᠨ ᠨᠠᠪᠴᠢ  ᠶᠢ ᠤᠨᠠᠭᠠᠵᠤ᠂ ᠨᠤᠭᠤᠭ᠎ᠠ  ᠶᠢᠨ ᠭᠤᠤᠯ  ᠢ ᠨᠢ  ᠢᠳᠡᠵᠤ᠂ ᠴᠢᠭᠢ ᠲᠤᠳ᠋ᠬᠠᠳᠠᠭᠤᠯᠬᠤ ᠪᠠ ᠦᠷ᠎ᠡ ᠎ ᠶᠢ ᠰᠦᠢᠳᠭᠡᠵᠤ᠂ ᠨᠤᠭᠤᠭ᠎ᠠ  ᠶᠢ ᠤᠯᠠᠨ ᠰᠠᠯᠪᠤᠷᠢ ᠤᠷᠭᠤᠯᠳᠠ ᠲᠠᠢ ᠪᠤᠯᠭᠠᠵᠤ᠂ ᠬᠤᠷᠢᠶᠠᠯᠳᠠ  ᠶᠢ  ᠭᠦᠨᠳᠤ ᠨᠤᠴᠢᠳᠡᠢ ᠬᠠᠰᠤᠠᠠᠳᠠᠭᠤᠯᠳᠠᠭ᠃ ᠪᠡᠶᠡᠯᠡᠭᠰᠡᠨ ᠬᠤᠷᠤᠬᠠᠢ ᠨᠢ ᠲᠡᠭᠡᠭᠰᠢ ᠪᠠᠨ ᠨᠠᠪᠴᠢᠨ  ᠤ ᠪᠠᠷᠢᠭᠤᠯ ᠳᠤ ᠰᠢᠭᠢᠳᠤᠨ ᠤᠷᠤᠵᠤ᠂ ᠲᠤᠷᠤᠠᠠᠰᠢ  ᠪᠠᠨ ᠡᠰᠢᠨ  ᠤ ᠴᠢᠮᠦᠭᠡ ᠪᠤᠶᠤ ᠦᠨᠳᠤᠰᠤᠨ ᠭᠡᠰᠡᠭ  ᠢ ᠨᠦᠭᠡᠯᠡᠨ ᠰᠠᠠᠳᠡᠶᠢᠯᠡᠵᠤ᠂ ᠢᠯᠭᠠᠳᠠᠰᠤ ᠪᠠᠨ ᠭᠡᠭᠡᠵᠤ᠂ ᠭᠦᠨᠦᠭᠡᠯ ᠳᠤ ᠤᠴᠠᠷᠬᠠᠰᠠᠨ ᠰᠠᠭᠤᠷᠢ  ᠨᠢ ᠠᠭᠠᠵᠢᠮ  ᠢᠶᠠᠷ ᠬᠠᠳᠠᠵᠤ ᠦᠭᠦᠭᠦ ᠪᠤᠶᠤ ᠨᠠᠪᠴᠢᠨ ᠪᠠᠷᠢᠭᠤᠯ ᠨᠢ ᠢᠯᠵᠠᠷᠠᠳᠠᠭ ᠪᠠᠶᠢᠨ᠎ᠠ᠃ ᠠᠪᠠᠭᠠᠯᠳᠠᠢ ᠨᠢ ᠪᠠᠰᠠ ᠰᠠᠭᠤᠷᠢ ᠲᠠᠮᠵᠢᠨ ᠭᠦᠨᠦᠭᠡᠵᠤ᠂  ᠢᠯᠵᠠᠷᠠᠬᠤ ᠭᠡᠮ  ᠢ ᠲᠡᠯᠭᠡᠷᠡᠭᠦᠯᠳᠡᠭ ᠪᠠᠶᠢᠨ᠎ᠠ᠃ ᠨᠤᠭᠤᠭ᠎ᠠ  ᠶᠢᠨ ᠮᠢᠩ  ᠢ ᠰᠡᠷᠭᠡᠶᠢᠯᠡᠨ ᠵᠠᠰᠠᠬᠤ ᠠᠷᠭ᠎ᠠ ᠭᠡᠪᠡᠯ᠄ ︵1︶  ᠭᠠᠵᠠᠷ  ᠢᠶᠠᠨ ᠴᠠᠭ ᠲᠤᠬᠠᠢ ᠳᠤᠨᠢ  ᠤᠷᠪᠠᠭᠤᠯᠵᠤ᠂ ᠲᠠᠷᠢᠶᠠᠨ ᠭᠠᠵᠠᠷ  ᠢᠶᠠᠨ ᠴᠠᠪᠡᠷᠯᠡᠵᠤ᠂ ᠦᠷᠭᠦᠯᠵᠢᠯᠡᠨ ᠲᠠᠷᠢᠬᠤ  ᠶᠢ ᠴᠠᠭᠡᠷᠯᠡᠵᠤ᠂ ᠲᠠᠷᠢᠶᠠᠨ ᠳᠠᠬᠢ ᠬᠤᠷᠤᠬᠠᠢ  ᠶᠢᠨ ᠢᠷᠡᠯᠳᠡ  ᠶᠢ  ᠴᠦᠭᠡᠭᠡᠷᠡᠭᠦᠯᠦᠨ᠎ᠠ᠃   ︵2︶   ᠲᠠᠷᠢᠬᠤ ᠴᠠᠭ ᠬᠤᠭᠤᠴᠠᠭ᠎ᠠ  ᠶᠢ ᠲᠤᠭᠢᠷᠠᠭᠤᠯᠵᠤ᠂ ᠨᠤᠭᠤᠭ᠎ᠠ  ᠶᠢᠨ ᠴᠢᠭᠢ  ᠶᠢᠨ 3 ~ 5 ᠨᠠᠪᠴᠢᠯᠠᠬᠤ ᠦᠶ᠎ᠠ ᠳᠤ  ᠨᠤᠭᠤᠭ᠎ᠠ  ᠶᠢᠨ ᠮᠢᠩ ᠬᠤᠷᠤᠬᠠᠢ  ᠶᠢᠨ ᠡᠭᠦᠰᠭᠦ ᠭᠦᠭ ᠦᠶ᠎ᠠ ᠠᠴᠠ ᠵᠦᠷᠢᠭᠦᠯᠵᠤ᠂ ᠭᠠᠨᠭ᠌ ᠬᠠᠭᠰᠠᠷᠭᠠᠨ ᠲᠠᠢ ᠤᠯᠠᠷᠢᠯ ᠳᠤ ᠲᠤᠭᠢᠳᠡᠢ ᠤᠰᠤᠯᠠᠨ᠎ᠠ᠃  ᠢᠡᠭᠭᠢᠪᠡᠯ ᠬᠤᠷᠤᠬᠠᠢ  ᠶᠢᠨ ᠭᠦᠨᠦᠭᠡᠯ  ᠢ ᠭᠦᠡᠭᠭᠡᠷᠡᠭᠦᠯᠭᠦ ᠪᠤᠶᠤ ᠵᠠᠶᠢᠯᠠᠰᠭᠢᠵᠤ ᠴᠢᠳᠠᠨ᠎ᠠ᠃ ︵3︶  ᠠᠪᠠᠭᠠᠯᠳᠠᠢ  ᠶᠢᠨ ᠰᠠᠶ᠋ᠢ ᠨᠡᠪᠴᠢᠭᠦ ᠬᠤᠭᠤᠴᠠᠭ᠎ᠠ  ᠪᠤᠯᠤᠨ ᠠᠪᠠᠭᠠᠯᠳᠠᠢ  ᠶᠢᠨ 3 ᠨᠠᠰᠤᠯᠠᠬᠤ ᠠᠴᠠ ᠡᠮᠦᠨᠡᠭᠢ ᠬᠤᠭᠤᠴᠠᠭ᠎ᠠ  ᠶᠢ ᠡᠵᠡᠮᠰᠢᠨ ᠡᠮ  ᠢᠶᠠᠷ ᠰᠡᠷᠭᠡᠶᠢᠯᠡᠨ ᠵᠠᠰᠠᠨ᠎ᠠ᠃ ᠵᠢᠱᠢᠶᠡᠯᠡᠪᠡᠯ ᠨᠠᠪᠴᠢ ᠨᠢ  ᠭᠦᠨᠦᠭᠡᠭᠳᠡᠭᠰᠡᠨ ᠪᠠ ᠰᠢᠷᠭᠡᠭ  ᠤᠨ ᠲᠤᠤᠷ ᠪᠤᠢ ᠪᠤᠯᠤᠠᠠᠰᠠᠨ  ᠢ ᠠᠩᠬ᠎ᠠ ᠤᠯᠵᠤ ᠮᠡᠳᠡᠮᠡᠭᠴᠡ ᠪᠠᠨ ᠲᠠᠷᠦ᠋ᠢᠠᠬᠨ ᠨᠤᠭᠤᠭ᠎ᠠ  ᠶᠢᠨ ᠨᠠᠪᠴᠢᠨ ᠳᠤ ᠡᠮ  ᠰᠦᠷᠴᠢᠨ᠎ᠠ᠃ ᠰᠦᠷᠴᠢᠭᠦ ᠡᠮ  ᠤᠨ ᠲᠠᠯ᠎ᠠ ᠪᠠᠷ᠂ Bt ᠡᠮ  ᠤᠨ 500 ᠲᠠᠭᠢᠨ ᠎ ᠤ ᠰᠢᠩᠭᠡᠨ᠂ ᠡᠰᠡᠭᠦᠯ᠎ᠠ 21% ᠎ ᠶᠢᠨ ᠮᠢᠶᠧ ᠱᠠ ᠪᠢ ︵灭杀毙︶ ᠲᠤᠰᠤᠨ ᠡᠮ  ᠤᠨ 5000 ᠲᠠᠭᠢᠨ ᠎ ᠤ ᠰᠢᠩᠭᠡᠨ᠂ ᠡᠰᠡᠭᠦᠯ᠎ᠠ 2.5% ᠎ ᠶᠢᠨ ᠭᠦᠡᠭ ᠹᠦ᠋ ︵功夫︶ ᠲᠤᠰᠤᠨ ᠡᠮ  ᠤᠨ 4000  ᠲᠠᠭᠢᠨ  ᠤ ᠰᠢᠩᠭᠡᠨ᠂ ᠡᠰᠡᠭᠦᠯ᠎ᠠ 40% ᠎ ᠶᠢᠨ ᠵᠢᠤᠢ ᠮᠠ ︵菊马︶ ᠲᠤᠰᠤᠨ ᠡᠮ ᠪᠤᠶᠤ ᠵᠢᠤᠢ ᠱᠨ ︵菊杀︶ ᠡᠰᠡᠭᠦᠯ᠎ᠠ 2.5% ᠎ ᠶᠢᠨ  ᠲᠢᠶᠠᠨ ᠸᠠᠩ ᠰᠢᠩ ︵天王星︶ ᠲᠤᠰᠤᠨ ᠡᠮ ᠪᠤᠶᠤ 20% ᠎ ᠶᠢᠨ ᠮᠢᠶᠧ ᠰᠤᠤ ᠯᠢ ︵灭扫利︶ ᠲᠤᠰᠤᠨ ᠡᠮ  ᠤᠨ 3000  ᠲᠠᠭᠢᠨ  ᠤ ᠰᠢᠩᠭᠡᠨ  ᠢ ᠰᠦᠷᠴᠢᠨ᠎ᠠ᠃ ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ  
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号