ᠭᠦᠪᠤᠡᠭ  ᠤᠨ ᠬᠤᠨᠭ᠍ᠭᠤᠷᠴᠤᠭ  ᠤᠨ ᠢᠳᠤᠬᠠᠨ ᠪᠤᠯᠤᠨ ᠭᠦᠭᠡ ᠨᠢᠳᠤᠳᠤ ᠢᠳᠤᠬᠠᠨ  ᠤ ᠬᠦᠨᠦᠭᠡᠯ  ᠢ ᠰᠡᠷᠭᠡᠶᠢᠯᠡᠨ ᠵᠠᠰᠠᠬᠤ
ᠨᠡᠶᠢᠲᠡᠯᠡᠭᠰᠡᠨ ᠴᠠᠭ᠄
2021/9/28
ᠭᠦᠪᠤᠡᠭ  ᠤᠨ ᠬᠤᠨᠭ᠍ᠭᠤᠷᠴᠤᠭ  ᠤᠨ ᠢᠳᠤᠬᠠᠨ ᠪᠤᠯᠤᠨ ᠭᠦᠭᠡ ᠨᠢᠳᠤᠨ ᠢᠳᠤᠬᠠᠨ  ᠤ ᠢᠳᠡᠰᠢ ᠨᠢ ᠴᠦᠮ ᠮᠠᠰᠢ ᠪᠤᠳᠤᠯᠢᠶᠠᠨ  ᠲᠠᠢ ᠪᠠᠶᠢᠵᠤ᠂ ᠤᠷᠤᠩᠨᠠᠬᠤ ᠨᠢ ᠴᠤ ᠮᠠᠰᠢ ᠦᠷᠭᠡᠨ ᠪᠠᠶᠢᠳᠠᠭ᠃ ᠨᠤᠭᠤᠭ᠎ᠠ  ᠶᠢᠨ ᠲᠠᠯ᠎ᠠ ᠪᠠᠷ ᠭᠤᠤᠯ ᠨᠢ ᠲᠦᠪᠡᠳ ᠬᠠᠰᠢ᠂ ᠯᠠᠵᠤᠤ᠂ ᠬᠠᠰᠢ᠂  ᠯᠠᠩᠭᠤᠸᠠ᠂ ᠪᠤᠷᠴᠠᠭ  ᠤᠨ ᠲᠦᠷᠦᠯ᠂ ᠪᠦᠭᠡᠷᠡᠩᠭᠡᠢ ᠴᠠᠭᠠᠨ ᠨᠤᠭᠤᠭ᠎ᠠ᠂ ᠴᠠᠭᠠᠨ ᠨᠤᠭᠤᠭ᠎ᠠ ᠵᠡᠷᠭᠡ  ᠶᠢ ᠭᠦᠨᠦᠭᠡᠵᠤ᠂ ᠭᠦᠪᠤᠡᠭ  ᠤᠨ ᠬᠤᠨᠭ᠍ᠭᠤᠷᠴᠤᠭ  ᠤᠨ ᠢᠳᠤᠬᠠᠨ ᠨᠢ ᠲᠦᠪᠡᠳ ᠬᠠᠰᠢ  ᠶᠢ ᠢᠳᠡᠭᠦ ᠲᠤᠷᠠᠳᠡᠢ ᠪᠠᠶᠢᠵᠤ᠂ ᠭᠦᠭᠡ ᠨᠢᠳᠤᠨ ᠢᠳᠤᠬᠠᠨ ᠨᠢ ᠯᠠᠵᠤᠤ ᠶᠢ ᠢᠳᠡᠭᠦ ᠲᠤᠷᠠᠳᠡᠢ ᠪᠠᠶᠢᠳᠠᠭ᠃  ᠭᠦᠪᠤᠡᠭ  ᠤᠨ ᠬᠤᠨᠭ᠍ᠭᠤᠷᠴᠤᠭ  ᠤᠨ ᠢᠳᠤᠬᠠᠨ ᠪᠤᠯᠤᠨ ᠭᠦᠭᠡ ᠨᠢᠳᠤᠨ ᠢᠳᠤᠬᠠᠨ ᠨᠢ ᠴᠦᠮ ᠠᠪᠠᠭᠠᠯᠳᠠᠢ ᠠᠴᠠ ᠪᠠᠨ ᠡᠭᠢᠯᠡᠨ ᠴᠤᠮᠤᠷᠯᠢᠭ᠂ ᠴᠡᠴᠡᠭ᠂ ᠵᠢᠮᠢᠰ  ᠢ ᠰᠡᠨᠳᠡᠶᠢᠯᠡᠨ ᠢᠳᠡᠭᠦ ᠪᠠᠷ ᠭᠤᠤᠯ ᠪᠤᠯᠭᠠᠨ᠂ ᠪᠠᠰᠠ ᠨᠢᠯᠬ᠎ᠠ ᠡᠰᠢ᠂ ᠨᠠᠪᠴᠢ᠂ ᠨᠠᠭᠢᠶ᠎ᠠ ᠎ ᠶᠢ ᠭᠦᠨᠦᠭᠡᠵᠤ᠂ ᠴᠤᠮᠤᠷᠯᠢᠭ᠂ ᠴᠡᠴᠡᠭ  ᠢ ᠶᠡᠭᠡ  ᠪᠠᠷ ᠵᠤᠯᠭᠠᠷᠠᠭᠤᠯᠳᠠᠭ᠂ ᠠᠪᠠᠭᠠᠯᠳᠠᠢ ᠨᠢ ᠵᠢᠮᠢᠰ  ᠤᠨ ᠲᠤᠳᠤᠷ᠎ᠠ ᠨᠦᠭᠡᠯᠡᠨ ᠤᠷᠤᠵᠤ ᠢᠳᠡᠭᠡᠳ᠂ ᠵᠢᠮᠢᠰ  ᠢ ᠢᠯᠵᠡᠷᠡᠭᠦᠯᠳᠡᠭ ᠪᠦᠭᠡᠳ ᠶᠡᠭᠡ ᠪᠠᠷ  ᠤᠨᠠᠭᠤᠯᠳᠠᠭ᠂ ᠶᠡᠭᠡ ᠪᠠᠷ ᠡᠭᠦᠰᠦᠭᠰᠡᠨ ᠵᠢᠯ ᠳᠤ ᠵᠢᠮᠢᠰ  ᠶᠢ ᠰᠡᠡᠳᠡᠶᠢᠯᠡᠭᠦ ᠨᠤᠷᠮ᠎ᠠ ᠨᠢ 30% ~ 50%᠎ ᠳᠤ ᠭᠦᠷᠳᠡᠭ ᠪᠠᠶᠢᠨ᠎ᠠ᠃ ᠤᠶᠢᠷ᠎ᠠ ᠎ ᠶᠢᠨ ᠭᠡᠳᠦᠨ ᠵᠢᠯ ᠳᠤ ᠭᠦᠪᠤᠡᠭ  ᠤᠨ ᠤᠷᠤᠨ ᠳᠤ ᠢᠳᠤᠬᠠᠨ ᠶᠡᠭᠡ ᠪᠠᠷ ᠡᠭᠦᠰᠦᠨ ᠭᠦᠨᠦᠭᠡᠯ ᠪᠤᠯᠤᠠᠠᠰᠠᠨ ᠪᠦᠭᠡᠳ ᠨᠤᠭᠤᠭ᠎ᠠ  ᠶᠢᠨ ᠢᠳᠤᠬᠠᠨ  ᠤ  ᠭᠦᠨᠦᠭᠡᠯ ᠨᠢ ᠨᠡᠩ ᠭᠦᠨᠳᠤ ᠨᠤᠴᠢᠳᠡᠢ ᠪᠤᠯᠵᠤ᠂ ᠬᠤᠷᠢᠶᠠᠯᠳᠠ  ᠶᠢ ᠶᠡᠭᠡ ᠪᠠᠷ ᠬᠠᠰᠤᠠᠠᠳᠠᠭᠤᠯᠤᠨ᠂ ᠶᠠᠰᠤ ᠴᠢᠨᠠᠷ  ᠢ ᠨᠢ ᠪᠠᠭᠤᠷᠠᠭᠤᠯᠤᠠᠠᠰᠠᠨ ᠪᠠᠶᠢᠨ᠎ᠠ᠃  ᠭᠦᠪᠤᠡᠭ  ᠤᠨ ᠬᠤᠨᠭ᠍ᠭᠤᠷᠴᠤᠭ  ᠤᠨ ᠢᠳᠤᠬᠠᠨ ᠪᠤᠯᠤᠨ ᠭᠦᠭᠡ ᠨᠢᠳᠤᠨ ᠢᠳᠤᠬᠠᠨ  ᠢ ᠰᠡᠷᠭᠡᠶᠢᠯᠡᠨ ᠵᠠᠰᠠᠬᠤ᠄ ᠲᠤᠰ  ᠢᠳᠤᠬᠠᠨ  ᠢ ᠰᠡᠷᠭᠡᠶᠢᠯᠡᠨ ᠵᠠᠰᠬᠤ ᠳᠤ ᠲᠠᠷᠢᠶᠠᠯᠠᠩ  ᠤᠨ ᠠᠷᠭ᠎ᠠ ᠪᠠᠷ ᠰᠡᠷᠭᠡᠶᠢᠯᠡᠨ ᠵᠠᠰᠠᠬᠤ  ᠶᠢ ᠴᠢᠩᠭᠠᠳᠬᠠᠵᠤ᠂ ᠪᠢᠤᠯᠤᠭᠢ᠂ ᠹᠢᠽᠢᠺ  ᠤᠨ ᠠᠷᠭ᠎ᠠ  ᠪᠠᠷ ᠰᠡᠷᠭᠡᠶᠢᠯᠡᠨ ᠵᠠᠰᠠᠬᠤ  ᠶᠢ ᠲᠡᠯᠭᠡᠷᠡᠭᠦᠯᠵᠤ᠂ ᠭᠢᠮᠢ  ᠶᠢᠨ ᠡᠮ  ᠢ ᠵᠤᠭᠢᠰᠳᠡᠢ ᠭᠡᠷᠡᠭᠯᠡᠵᠤ᠂ ᠭᠦᠨᠦᠭᠡᠯᠳᠤ ᠬᠤᠷᠤᠬᠠᠢ ᠵᠢᠮᠢᠰ  ᠢ ᠰᠡᠳᠡᠶᠢᠯᠡᠭᠦ ᠠᠴᠠ  ᠡᠮᠦᠨ᠎ᠠ ᠤᠰᠠᠳᠬᠠᠨ᠎ᠠ᠃   ︵1︶  ᠲᠠᠷᠢᠶᠠᠯᠠᠩ  ᠤᠨ ᠠᠷᠭ᠎ᠠ ᠪᠠᠷ ᠰᠠᠷᠭᠡᠶᠢᠯᠡᠨ ᠵᠠᠰᠠᠬᠤ ᠳᠤ᠄ ᠲᠠᠷᠢᠶᠠᠨ ᠭᠠᠵᠠᠷ ᠲᠠᠬᠢ ᠬᠠᠮᠢᠶᠠᠷᠤᠯᠳᠠ ᠲᠠᠢ  ᠤᠶᠠᠯᠳᠤᠭᠤᠯᠤᠨ᠂ ᠨᠢᠯᠬ᠎ᠠ ᠨᠠᠪᠴᠢ ᠮᠦᠴᠢᠷ ᠲᠡᠭᠡᠷᠡᠭᠢ ᠦᠨᠳᠡᠭᠡ ᠵᠢᠴᠢ ᠠᠪᠠᠭᠠᠯᠳᠠᠢ  ᠶᠢ ᠬᠠᠮᠳᠤ ᠳᠤᠨᠢ ᠲᠠᠷᠢᠶᠠᠨ ᠠᠴᠠ ᠭᠠᠳᠠᠨ᠎ᠠ ᠠᠪᠠᠴᠢᠨ  ᠰᠢᠳᠠᠭᠠᠬᠤ ᠪᠤᠶᠤ ᠭᠦᠨ ᠪᠤᠯᠠᠨ᠎ᠠ᠃ ᠬᠤᠷᠢᠶᠠᠯᠳᠠ ᠠᠪᠬᠤ ᠲᠠᠢ ᠤᠶᠠᠯᠳᠤᠭᠤᠯᠤᠨ᠂ ᠬᠤᠷᠤᠬᠠᠢ ᠲᠠᠢ ᠵᠢᠮᠢᠰ  ᠢ ᠲᠦᠪᠯᠡᠷᠡᠭᠦᠯᠦᠨ ᠰᠢᠢᠳᠪᠤᠷᠢᠯᠡᠵᠤ᠂  ᠲᠠᠷᠢᠶᠠᠨ ᠳᠠᠬᠢ ᠦᠨᠳᠡᠭᠡ ᠪᠤᠯᠤᠨ ᠠᠪᠠᠭᠠᠯᠳᠠᠢ  ᠶᠢ ᠴᠦᠭᠡᠭᠡᠷᠡᠭᠦᠯᠦᠨ᠎ᠠ᠃ ᠬᠤᠷᠢᠶᠠᠯᠳᠠ ᠠᠪᠤᠠᠠᠰᠠᠨ  ᠤ ᠰᠡᠭᠦᠯᠡᠷ ᠭᠠᠵᠠᠷ  ᠢᠶᠠᠨ ᠭᠦᠨ ᠤᠷᠪᠠᠭᠤᠯᠵᠤ᠂  ᠭᠦᠷᠦᠰᠤᠨ ᠳᠠᠬᠢ ᠭᠡᠤᠭᠡᠯᠳᠡᠢ  ᠶᠢᠨ ᠡᠭᠦᠷ  ᠢ ᠡᠪᠳᠡᠵᠤ᠂ ᠭᠡᠤᠭᠡᠯᠳᠡᠢ  ᠶᠢᠨ ᠦᠭᠦᠯ  ᠤᠨ ᠨᠤᠷᠮ᠎ᠠ  ᠶᠢ ᠨᠡᠮᠡᠭᠳᠡᠭᠦᠯᠦᠨ᠎ᠠ᠃   ︵2︶   ᠪᠢᠤᠯᠤᠭᠢ  ᠶᠢᠨ ᠠᠷᠭ᠎ᠠ ᠪᠠᠷ ᠰᠡᠷᠭᠡᠶᠢᠯᠡᠨ ᠵᠠᠰᠠᠬᠤ᠄ ᠦᠨᠳᠡᠭᠡᠯᠡᠭᠦ ᠭᠦᠭ ᠦᠶ᠎ᠠ ᠠᠴᠠ ᠬᠤᠶᠢᠰᠢ 3 ~ 4 ᠬᠤᠨᠤᠭ  ᠪᠤᠶᠤ 6 ~8 ᠬᠤᠨᠤᠭ ᠲᠤ ᠰᠤ᠋ ᠶᠦᠨ ᠶᠢᠨ ︵苏云金︶ ᠰᠠᠪᠬᠠᠨ ᠪᠠᠺᠲ᠋ᠧᠷᠢᠳᠤ ᠡᠮ  ᠢ ᠦᠷᠭᠦᠯᠵᠢᠯᠡᠨ 2 ᠤᠳᠠᠭ᠎ᠠ ᠰᠦᠷᠴᠢᠵᠤ᠂  ᠠᠪᠠᠭᠠᠯᠳᠠᠢ ᠳᠤ ᠭᠡᠮ ᠬᠠᠯᠳᠠᠭᠠᠨ ᠦᠭᠦᠭᠦᠯᠦᠨ᠎ᠠ᠃ ᠭᠦᠪᠤᠡᠭ  ᠤᠨ ᠢᠳᠤᠬᠠᠨ  ᠤ ᠦᠨᠳᠡᠭᠡᠯᠡᠭᠦ ᠡᠭᠢᠨ᠂ ᠭᠦᠭ ᠪᠠ ᠰᠡᠭᠦᠯᠴᠢ  ᠶᠢᠨ ᠦᠶ᠎ᠠ ᠳᠤ  ᠲᠡᠭᠦᠨ  ᠤ ᠲᠦᠷᠦᠯᠭᠢ  ᠶᠢᠨ ᠲᠠᠶᠢᠰᠤᠨ ᠤᠯᠠᠭᠠᠨ ᠨᠢᠳᠤᠳᠤ ᠵᠦᠭᠡᠢ  ᠶᠢ ᠲᠠᠯᠪᠢᠨ ᠪᠠᠷᠢᠭᠤᠯᠤᠨ᠎ᠠ᠃   ︵3︶  ᠪᠡᠶᠡᠯᠡᠭᠰᠡᠨ ᠬᠤᠷᠤᠬᠠᠢ  ᠶᠢ ᠠᠷᠭᠠᠳᠠᠨ ᠠᠯᠠᠬᠤ᠃ ᠬᠠᠷ᠎ᠠ ᠭᠡᠷᠡᠯ  ᠤᠨ ᠳ᠋ᠸᠡᠭ  ᠢᠶᠠᠷ ᠪᠡᠶᠡᠯᠡᠭᠰᠡᠨ ᠬᠤᠷᠤᠬᠠᠢ ᠎ ᠶᠢ  ᠬᠠᠭᠤᠷᠤᠨ ᠠᠯᠠᠬᠤ ᠪᠠ ᠪᠠᠰᠠ ᠤᠯᠢᠶᠠᠰᠤ  ᠶᠢᠨ ᠰᠠᠯᠠᠭ᠎ᠠ ᠪᠠᠷ ᠪᠡᠶᠡᠯᠡᠭᠰᠡᠨ ᠬᠤᠷᠤᠬᠠᠢ  ᠶᠢ ᠦᠳᠦᠭᠡᠨ ᠴᠤᠠᠠᠯᠠᠭᠤᠯᠵᠤ ᠤᠰᠠᠳᠬᠠᠨ᠎ᠠ᠃   ︵4︶  ᠭᠢᠮᠢ  ᠶᠢᠨ ᠠᠷᠭ᠎ᠠ ᠪᠠᠷ ᠰᠡᠷᠭᠡᠶᠢᠯᠡᠨ ᠵᠠᠰᠠᠬᠤ᠃ ᠵᠠᠩᠭᠢᠯᠠᠭ᠎ᠠ ᠨᠢ ᠦᠨᠳᠡᠭᠡ ᠨᠠᠪᠴᠢᠭᠦ ᠭᠦᠭ ᠦᠶ᠎ᠠ ᠪᠠ  ᠠᠪᠠᠭᠠᠯᠳᠠᠢ 2 ᠨᠠᠰᠤᠯᠠᠬᠤ ᠤᠷᠭᠢᠯ  ᠤᠨ ᠦᠶ᠎ᠠ  ᠶᠢ ᠴᠢᠩᠭ᠎ᠠ ᠡᠵᠡᠮᠰᠢᠨ᠎ᠠ᠃ ᠲᠤᠬᠠᠶᠢᠯᠠᠪᠠᠯ᠂ ᠠᠪᠠᠭᠠᠯᠳᠠᠢ  ᠶᠢ ᠵᠢᠮᠢᠰ ᠎ ᠢ ᠰᠡᠨᠳᠡᠶᠢᠯᠭᠦ ᠠᠴᠠ ᠡᠮᠦᠨ᠎ᠠ  ᠲᠤᠭᠢᠳᠡᠢ ᠦᠶ᠎ᠠ ᠳᠤᠨᠢ ᠡᠮ  ᠢᠶᠠᠷ ᠤᠰᠠᠳᠬᠨ᠎ᠠ᠃ ᠲᠤᠷᠰᠢᠯᠭ᠎ᠠ  ᠶᠢ ᠦᠨᠳᠦᠰᠦᠯᠡᠪᠡᠯ᠃ ᠪᠡᠶᠡᠯᠡᠭᠰᠡᠨ ᠬᠤᠷᠤᠬᠠᠢ  ᠶᠢᠨ ᠭᠦᠭ ᠬᠤᠭᠤᠴᠠᠭᠠᠨ ᠠᠴᠠ  ᠬᠤᠶᠢᠰᠢ 2 ~3 ᠡᠳᠤᠷ ᠲᠤ ᠲᠠᠷᠢᠶᠠᠨ ᠳᠠᠬᠢ ᠦᠨᠳᠡᠭᠡ  ᠶᠢ ᠪᠠᠶᠢᠴᠠᠭᠠᠵᠤ᠂ ᠬᠠᠭᠠᠰ ᠲᠤᠭᠠᠨ  ᠤ ᠦᠨᠳᠡᠭᠡ ᠨᠢ ᠨᠢᠭᠡᠨᠳᠡ ᠬᠠᠷ᠎ᠠ ᠰᠠᠭᠠᠷᠠᠯ ᠦᠡᠭᠭᠡ  ᠲᠠᠢ ᠪᠤᠯᠵᠤ ᠨᠡᠪᠴᠢᠭᠦ ᠭᠡᠵᠤ ᠪᠠᠶᠢᠭ᠎ᠠ ᠦᠶ᠎ᠠ ᠳᠤᠨᠢ ᠡᠮ ᠰᠦᠷᠴᠢᠪᠡᠯ ᠮᠠᠰᠢ ᠰᠠᠶᠢᠨ ᠦᠷ᠎ᠡ ᠪᠦᠳᠦᠮᠵᠢ ᠤᠯᠤᠨ᠎ᠠ᠃ ᠡᠮ ᠰᠦᠷᠴᠢᠭᠦ ᠳᠡᠭᠡᠨ 80% ᠎ ᠶᠢᠨ ᠳ᠋ᠢ ᠳ᠋ᠢ ᠸᠧᠢ ︵敌敌畏︶ ᠲᠤᠰᠤᠨ ᠡᠮ ᠪᠤᠶᠤ 90% ᠎ ᠶᠢᠨ ᠲᠠᠯᠠᠰᠳᠤ ᠳ᠋ᠢ ᠪᠠᠢ ᠴᠦᠡᠭ ︵晶体敌百虫︶ ᠡᠮ  ᠡᠰᠡᠭᠦᠯ᠎ᠠ 50% ᠎ ᠶᠢᠨ ᠰᠢᠨ ᠯᠢᠤ ᠯᠢᠨ ︵辛硫磷︶ ᠲᠤᠰᠤᠨ ᠡᠮ ᠪᠤᠶᠤ 50% ᠎ ᠶᠢᠨ ᠮᠡ ᠯᠡ ᠰᠦᠡᠭ ︵马拉松︶ ᠲᠤᠰᠤᠨ  ᠡᠮ  ᠤᠨ 1000 ᠲᠠᠭᠢᠨ  ᠤ ᠰᠢᠩᠭᠡᠨ᠂ 40% ᠎ ᠶᠢᠨ ᠵᠢᠤᠢ ᠮᠠ ︵菊马︶ ᠲᠤᠰᠤᠨ ᠡᠮ  ᠤᠨ 2000 ~3000 ᠲᠠᠭᠢᠨ  ᠤ  ᠰᠢᠩᠭᠡᠨ᠂ 2.5% ᠎ ᠶᠢᠨ ᠳ᠋ᠢ ᠱᠠ ᠰᠧ ︵敌杀死︶ ᠡᠮ ᠪᠤᠶᠤ 2.5% ᠎ ᠶᠢᠨ ᠯᠢᠶᠠᠨ ᠪᠧᠨ ᠵᠢᠤᠢ ᠵᠾᠢ ︵联苯菊酯︶  ᠲᠤᠰᠤᠨ ᠡᠮ᠂ 20% ᠎ ᠶᠢᠨ ᠰᠤ᠋ ᠮᠢᠶᠧ ᠱᠠ ᠳ᠋ᠢᠩ ︵速灭杀丁︶ ᠲᠤᠰᠤ ᠪᠤᠶᠤ 2.5% ᠎ ᠶᠢᠨ ᠭᠦᠡᠭ ᠹᠦ᠋ ︵功夫︶ ᠲᠤᠰᠤᠨ  ᠡᠮ  ᠤᠨ 2000 ~ 4000 ᠲᠠᠭᠢᠨ  ᠤ ᠰᠢᠩᠭᠡᠨ᠂ 10% ᠎ ᠶᠢᠨ ᠯᠤ᠋ ᠼᠢᠶᠨ ᠵᠢᠤᠢ ᠵᠾᠢ ︵氯氰菊酯︶ ᠲᠤᠰᠤᠨ  ᠤ 2500 ~3000 ᠲᠠᠭᠢᠨ  ᠤ ᠰᠢᠩᠭᠡᠨ  ᠢ ᠰᠤᠩᠭᠤᠨ ᠰᠦᠷᠴᠢᠵᠤ᠂ ᠰᠡᠷᠭᠡᠶᠢᠯᠡᠨ ᠵᠠᠰᠠᠵᠤ ᠪᠤᠯᠤᠨ᠎ᠠ᠃   ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ  
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号