ᠲᠡᠭᠦᠰ ᠤᠷᠲᠤ ᠶᠢᠨ ᠳᠠᠭᠤᠤ
ᠨᠡᠶᠢᠲᠡᠯᠡᠭᠰᠡᠨ ᠴᠠᠭ᠄
2022/6/30
ᠴᠣᠶᠢᠳᠠᠨᠳᠠᠷ                          ᠰᠤᠨᠠᠨ ᠰᠢᠶᠠᠨ ᠤ ᠪᠠᠶᠠᠨ ᠰᠤᠮᠤᠨ ᠤ ᠨᠡᠷᠡᠲᠦ ᠳᠠᠭᠤᠴᠢᠨ ᠠᠭᠠᠵᠢᠶ᠎ᠠ ᠠᠭᠰᠠᠨ᠂ 1987 ᠤᠨ ᠤ 3 ᠰᠠᠷ᠎ᠠ ᠶᠢᠨ 27᠎ ᠤ ᠡᠳᠤᠷ ᠨᠠᠳᠠᠳᠤ ᠶᠠᠷᠢᠬᠤ ᠳᠠᠭᠠᠨ᠄ ︽ᠤᠷᠢᠳᠤ ᠴᠠᠭ ᠲᠤ ᠨᠠᠶᠢᠷ ᠨᠠᠭᠠᠳᠤᠮ ᠲᠡᠭᠡᠷ᠎ᠡ ᠲᠠᠭᠤᠤ ᠶᠢ ᠲᠤᠳᠠᠭᠤ ᠲᠠᠭᠤᠯᠠᠵᠤ ᠪᠤᠯᠳᠠᠭ ᠦᠭᠡᠢ ᠭᠡᠳᠡᠭ ᠪᠠᠶᠢᠭᠰᠠᠨ᠃ ᠵᠢᠩᠭᠢᠨᠢ ᠲᠠᠭᠤᠴᠢᠨ ᠬᠦᠮᠦᠨ ᠭᠡᠳᠡᠭ ᠪᠤᠯ ᠲᠠᠭᠤᠤ ᠶᠢ ᠬᠦᠮᠦᠨ ᠬᠦᠮᠦᠨ ᠳᠤ ᠵᠤᠷᠢᠭᠤᠯᠵᠤ ᠲᠠᠭᠤᠯᠠᠵᠤ ᠴᠢᠳᠠᠳᠠᠭ᠂ ᠡᠭᠢ ᠲᠠᠢ ᠲᠠᠯᠪᠢᠯᠭ᠎ᠠ ᠲᠠᠢ ᠪᠦᠷᠢᠨ ᠲᠠᠭᠤᠯᠠᠵᠤ ᠴᠢᠳᠠᠳᠠᠭ ᠪᠠᠶᠢᠬᠤ ᠶᠤᠰᠤᠳᠡᠢ ᠶᠤᠮ ᠭᠡᠳᠡᠭ᠃︾ ᠳᠡᠭᠡᠳᠤᠰ ᠤᠨ ᠰᠤᠷᠭᠠᠯ ᠳᠤ᠂ ᠲᠠᠭᠤᠤ ᠶᠢ ᠲᠤᠳᠠᠭᠤ ᠲᠠᠭᠤᠯᠠᠪᠠᠯ ᠨᠠᠰᠤ ᠠᠬᠠᠷᠳᠠᠨ᠎ᠠ ᠭᠡᠳᠡᠭ᠃ ᠮᠤᠩᠭᠤᠯ ᠤᠷᠳᠤ ᠶᠢᠨ ᠲᠠᠭᠤᠤ ᠪᠤᠯ ᠬᠠᠮᠤᠭ ᠴᠦᠭᠡᠨ ᠭᠡᠬᠦ ᠳᠤ 4 — 5 ᠪᠠᠳᠠᠭ ᠎ ᠠᠴᠠ ᠲᠡᠭᠡᠭᠰᠢ ᠦᠭᠡ ᠲᠠᠢ ᠪᠠᠶᠢᠳᠠᠭ᠃ ᠲᠡᠷᠡ ᠪᠣᠯ ᠤᠯᠠᠨ ᠵᠠᠭᠤ ᠮᠢᠩᠭᠠᠨ ᠵᠢᠯ ᠤᠨ ᠨᠡᠭᠦᠳᠡᠯ ᠮᠠᠯᠵᠢᠯ ᠤᠨ ᠪᠠᠶᠢᠭᠠᠯᠢᠯᠢᠭ ᠣᠷᠴᠢᠨ ᠳᠤ ᠣᠯᠠᠨ ᠦᠶ᠎ᠡ ᠶᠢᠨ ᠮᠠᠯᠴᠢᠨ ᠮᠤᠩᠭᠤᠯ ᠤᠬᠠᠭᠠᠳᠠᠨ ᠤ ᠪᠦᠲᠦᠭᠡᠭᠰᠡᠨ ᠮᠣᠩᠭᠤᠯ ᠦᠨᠳᠦᠰᠦᠳᠠᠨ ᠤ ᠡᠷᠬᠢᠮ ᠲᠡᠭᠡᠳᠦ ᠰᠤᠳᠤᠨ ᠤᠷᠠᠯᠢᠭ᠃       ᠤᠷᠲᠤ ᠶᠢᠨ ᠳᠠᠭᠤᠤ ᠨᠢ ᠲᠠᠶᠢᠵᠠᠨ ᠤ ᠦᠵᠡᠭᠦᠯᠦᠭᠡ ᠪᠣᠯᠣᠭᠰᠠᠨ ᠠᠴᠠ ᠨᠠᠰᠢ ᠵᠦᠪᠭᠡᠨ ᠡᠬᠢᠨ ᠤ ᠨᠢᠭᠡ ᠬᠤᠶᠠᠷᠬᠠᠨ ᠪᠠᠳᠠᠭ ᠢ ᠯᠡ ᠲᠠᠭᠤᠯᠠᠳᠠᠭ ᠪᠤᠯᠪᠠ᠃ ᠤᠯᠠᠨ ᠵᠠᠭᠤᠨ ᠵᠢᠯ ᠤᠯᠠᠮᠵᠢᠯᠠᠭᠰᠠᠨ ᠲᠡᠭᠦᠰ ᠤᠷᠠᠯᠢᠭ ᠨᠢ ᠲᠤᠳᠠᠭᠤ ᠵᠡᠮᠳᠡᠭ ᠪᠤᠯᠵᠤ᠂ ᠨᠠᠰᠤᠳᠠᠶᠢᠴᠣᠳ ᠨᠢ ᠲᠠᠭᠤᠤ ᠶᠢᠨ ᠢᠶᠠᠨ ᠪᠦᠷᠢᠨ ᠦᠭᠡ ᠶᠢ ᠮᠠᠷᠳᠠᠵᠤ᠂ ᠵᠠᠯᠠᠭᠤᠴᠤᠳ ᠪᠤᠯᠤᠨ ᠬᠠᠷᠢ ᠭᠠᠳᠠᠨ᠎ᠠ ᠶᠢᠨ ᠭᠦᠮᠦᠰ ᠮᠤᠩᠭᠤᠯ ᠤᠷᠳᠤ ᠶᠢᠨ ᠲᠠᠭᠤᠤ ᠨᠢ ᠤᠭ ᠠᠴᠠ ᠪᠠᠨ ᠨᠢᠭᠡ ᠬᠤᠶᠠᠷᠬᠠᠨ ᠪᠠᠳᠠᠭ ᠲᠠᠢ ᠪᠠᠶᠢᠭᠰᠠᠨ ᠭᠡᠵᠦ ᠤᠶᠢᠯᠠᠭᠠᠵᠤ ᠲᠡᠭᠦᠰ ᠪᠦᠷᠢᠨ ᠤᠷᠳᠤ ᠶᠢᠨ ᠲᠠᠭᠤᠤ ᠨᠢ ᠠᠮᠢᠳᠤᠷᠠᠯ ᠤᠨ ᠭᠡᠷᠡᠭᠯᠡᠭᠡᠨ ᠤ ᠲᠤᠮᠳᠠ ᠤᠯᠠᠮᠵᠢᠯᠠᠯ ᠲᠠᠰᠤᠷᠠᠬᠤ ᠳᠤ ᠭᠦᠷᠴᠡᠢ᠃       ᠮᠠᠨ ᠤ ᠤᠯᠤᠰ ᠲᠤ ᠵᠦᠪᠭᠡᠨ ᠰᠡᠭᠦᠯ ᠤᠨ ᠭᠤᠴᠢ ᠭᠠᠷᠤᠢ ᠵᠢᠯ ᠠᠴᠠ ᠨᠠᠰᠢ ᠮᠠᠰᠢ ᠤᠯᠠᠨ ᠡᠷᠳᠡᠮᠳᠠᠨ ᠮᠡᠷᠭᠡᠳ ᠮᠤᠩᠭᠤᠯ ᠤᠷᠳᠤ ᠶᠢᠨ ᠲᠠᠭᠤᠤ ᠶᠢ ᠰᠤᠳᠤᠯᠵᠤ ᠭᠡᠳᠦᠨ ᠵᠠᠭᠤᠨ ᠨᠤᠮ ᠦᠭᠦᠯᠡᠯ ᠨᠡᠶᠢᠳᠡᠯᠡᠭᠦᠯᠦᠭᠰᠡᠨ ᠪᠤᠯᠪᠠᠴᠤ ᠦᠨᠦ ᠶᠢᠨ ᠠᠬᠤᠢ ᠠᠮᠢᠳᠤᠷᠠᠯ ᠤᠨ ᠭᠡᠷᠡᠭᠯᠡᠭᠡᠨ ᠤ ᠲᠤᠮᠳᠠᠬᠢ ᠲᠠᠭᠤᠤ ᠶᠢ ᠲᠡᠭᠦᠰ ᠪᠦᠷᠢᠨ ᠲᠠᠭᠤᠯᠠᠬᠤ ᠠᠷᠭ᠎ᠠ ᠵᠠᠮ ᠢ ᠲᠤᠷᠠᠳᠴᠤ ᠴᠢᠳᠠᠭ᠎ᠠ ᠦᠭᠡᠢ ᠪᠠᠶᠢᠯ᠎ᠠ᠃ 2016 ᠤᠨ ᠤ ᠨᠠᠮᠤᠷ᠂ ᠵᠠᠩᠶᠧ ᠬᠤᠳᠠ ᠶᠢᠨ ᠫᠢᠩ ᠱᠠᠨ ᠬᠤ᠋ ᠰᠤᠮᠤᠨ ᠤ ᠮᠠᠯᠴᠢᠨ ᠨᠠᠪᠴᠢ ᠨᠠᠳᠠᠳᠤ ᠤᠳᠠᠰᠤᠳᠠᠵᠤ᠄ ︽ᠪᠢ ᠤᠷᠳᠤ ᠶᠢᠨ ᠲᠠᠭᠤᠤ ᠶᠢ ᠡᠬᠢᠨ ᠤ ᠬᠤᠶᠠᠷ ᠪᠠᠳᠠᠭ ᠢ ᠲᠠᠭᠤᠯᠠᠭᠠᠳ ᠲᠠᠷᠠᠭᠠᠴᠢ ᠶᠢᠨ ᠪᠦᠭᠦ ᠦᠭᠡ ᠶᠢ ᠤᠶᠠᠩᠭᠠᠯᠠᠨ ᠤᠩᠰᠢᠬᠤ ᠤᠷᠤᠯᠳᠤᠭᠠᠨ ᠶᠠᠪᠤᠭᠤᠯᠬᠤ ᠭᠡᠵᠦ ᠪᠠᠶᠢᠨ᠎ᠠ᠂ ᠶᠠᠮᠠᠷ ᠨᠡᠷ᠎ᠡ ᠪᠠᠷ ᠬᠢᠪᠡᠯ ᠵᠤᠬᠢᠮᠵᠢᠳᠠᠢ ᠪᠤᠢ︖︾ ᠭᠡᠰᠡᠨ ᠳᠤ ᠰᠡᠳᠬᠢᠯ ᠶᠡᠭᠡᠳᠡ ᠲᠤᠭᠳᠤᠯᠤᠨ ᠪᠤᠳᠤᠯᠭᠠᠰᠢᠷᠠᠪᠠ᠃ ᠪᠢ᠂ ᠨᠠᠢᠮᠠᠨ ᠵᠢᠯ ᠤᠨ ᠡᠮᠦᠨ᠎ᠠ ᠠᠯᠠᠱᠠ ᠳᠤ ᠪᠤᠯᠤᠭᠰᠠᠨ ᠤᠶᠢᠷᠠᠳ ᠤᠷᠳᠤ ᠶᠢᠨ ᠲᠠᠭᠤᠤ ᠶᠢᠨ ᠴᠢᠭᠤᠯᠭᠠᠨ ᠤ ᠡᠷᠳᠡᠮ ᠰᠢᠨᠵᠢᠯᠡᠭᠡᠨ ᠤ ᠬᠤᠷᠠᠯ ᠲᠡᠭᠡᠷ᠎ᠡ ᠤᠷᠳᠤ ᠶᠢᠨ ᠲᠠᠭᠤᠤ ᠲᠠᠶᠢᠵᠠᠨ ᠤ ᠤᠷᠠᠯᠢᠭ ᠪᠤᠯᠵᠤ ᠬᠤᠶᠠᠷᠬᠠᠨ ᠪᠠᠳᠠᠭ ᠲᠠᠭᠤᠯᠠᠳᠠᠭ ᠪᠤᠯᠤᠭᠰᠠᠨ ᠠᠴᠠ ᠪᠦᠷᠢᠨ ᠦᠭᠡ ᠨᠢ ᠮᠡᠷᠳᠠᠭᠳᠠᠵᠤ ᠪᠠᠶᠢᠭ᠎ᠠ ᠠᠰᠠᠭᠤᠳᠠᠯ ᠢ ᠲᠡᠪᠰᠢᠭᠦᠯᠦᠭᠰᠡᠨ ᠪᠤᠯᠪᠠᠴᠤ ᠰᠢᠢᠳᠪᠦᠷᠢᠯᠡᠭᠦ ᠠᠷᠭ᠎ᠠ ᠭᠡᠮᠵᠢᠶ᠎ᠠ ᠶᠢ ᠤᠯᠵᠤ ᠴᠢᠳᠠᠭ᠎ᠠ ᠦᠭᠡᠢ ᠶᠡᠪᠤᠯ᠎ᠠ᠃ ᠲᠡᠭᠡᠭᠡᠳ ᠲᠠᠭᠤᠴᠢᠨ ᠨᠠᠪᠴᠢ ᠶᠢᠨ ᠠᠪᠢᠶᠠᠰ ᠤᠬᠠᠭᠠᠨ — ᠮᠠᠯᠴᠢᠨ ᠮᠤᠩᠭᠤᠯ ᠤᠬᠠᠭᠠᠨ ᠤ ᠤᠨᠳᠤᠷᠠᠭ᠎ᠠ ᠶᠢ ᠭᠠᠶᠢᠬᠠᠨ ᠪᠢᠰᠢᠷᠠᠵᠤ ᠪᠢᠰᠢᠯᠭᠠᠨ ᠪᠤᠳᠤᠭᠰᠠᠭᠠᠷ ᠪᠠᠶᠢᠵᠤ ︽ᠬᠠᠯᠬ᠎ᠠ ᠤᠷᠳᠤ ᠶᠢᠨ ᠲᠠᠭᠤᠤ ᠶᠢ ᠲᠡᠭᠦᠰ ᠦᠵᠡᠭᠦᠯᠭᠦ ᠤᠷᠤᠯᠳᠤᠭᠠᠨ︾ ᠭᠡᠵᠦ ᠨᠡᠷᠡᠯᠡᠨ ᠤᠷᠤᠯᠳᠤᠭᠠᠨ ᠤ ᠲᠡᠮᠳᠡᠭ ᠢ ︽ᠨᠠᠪᠴᠢᠨ ᠭᠡ︾ ᠭᠡᠵᠦ ᠨᠡᠷᠡᠯᠡᠭᠦ ᠵᠦᠪᠯᠡᠯᠭᠡ ᠶᠢ ᠦᠭᠭᠦᠭᠰᠡᠨ᠃ ᠤᠷᠤᠯᠳᠤᠭᠠᠨ ᠳᠤ ᠲᠠᠭᠤᠯᠠᠬᠤ᠂ ᠴᠡᠭᠡᠵᠢ ᠪᠠᠷ ᠰᠢᠯᠦᠭᠯᠡᠭᠦ ᠬᠤᠶᠠᠷ ᠢ ᠤᠶᠠᠯᠳᠤᠭᠤᠯᠬᠤ ᠨᠢ ᠲᠠᠭᠤᠤ ᠎ ᠶᠢᠨ ᠦᠭᠡ ᠶᠢ ᠪᠦᠷᠢᠨ ᠤᠯᠠᠮᠵᠢᠯᠠᠨ ᠵᠠᠯᠭᠠᠮᠵᠢᠯᠠᠬᠤ᠂ ᠲᠠᠭᠤᠴᠢᠳ ᠤᠨ ᠠᠪᠢᠶᠠᠰ ᠤᠬᠠᠭᠠᠨ ᠢ ᠰᠤᠷᠢᠨ ᠰᠢᠯᠭᠠᠬᠤ᠂ ᠲᠠᠶᠢᠵᠠᠨ ᠤ ᠤᠷᠠᠯᠢᠭ ᠤᠨ ᠴᠠᠭ ᠤᠨ ᠪᠤᠯᠤᠮᠵᠢ ᠶᠢ ᠪᠠᠳᠤᠯᠠᠬᠤ ᠵᠡᠷᠭᠡ ᠴᠢᠬᠤᠯᠠ ᠠᠴᠢ ᠬᠤᠯᠪᠤᠭᠳᠠᠯ ᠲᠠᠢ ᠡᠭᠦᠳᠦᠨ ᠪᠦᠳᠦᠭᠡᠭᠦ ᠠᠵᠢᠯᠯᠠᠭ᠎ᠠ ᠪᠣᠯᠣᠭᠰᠠᠨ ᠶᠤᠮ᠃      
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号