ᠬᠤᠯᠠᠳᠠᠬᠢᠨ ᠢ ᠲᠤᠭᠳᠠᠭᠠᠭᠴᠢ ᠬᠤᠷᠢᠶ᠎ᠠ ᠠᠴᠠ ᠨᠢᠩᠰᠢᠶᠠ ᠬᠦᠷᠬᠦ ᠳᠠᠷᠳᠠᠩ ᠵᠠᠮ
ᠨᠡᠶᠢᠲᠡᠯᠡᠭᠰᠡᠨ ᠴᠠᠭ᠄
2022/6/30
 ᠨᠠᠰᠤᠨ                         ᠨᠢᠩᠰᠢᠶᠠ ᠠᠴᠠ ᠬᠤᠯᠠᠳᠠᠬᠢᠨ ᠢ ᠲᠤᠭᠳᠠᠭᠠᠭᠴᠢ ᠬᠤᠷᠢᠶ᠎ᠠ ᠬᠦᠷᠭᠦ ᠲᠠᠷᠳᠠᠩ ᠵᠠᠮ ᠪᠤᠯ ᠠᠯᠠᠱᠠ ᠬᠤᠱᠤᠳ ᠬᠤᠰᠢᠭᠤ ᠶᠢᠨ ᠲᠥᠪ ᠬᠤᠯᠠᠳᠠᠬᠢᠨ ᠢ ᠲᠤᠭᠳᠠᠭᠠᠭᠴᠢ ᠬᠤᠷᠢᠶ᠎ᠠ ︵ᠥᠨᠥ ᠶᠢᠨ ᠪᠠᠶᠠᠨᠬᠤᠳᠠ︶᠎ ᠠᠴᠠ ᠨᠢᠩᠰᠢᠶᠠ ᠹᠦ᠋ ︵ᠥᠨᠥ ᠶᠢᠨ ᠢᠷᠭᠠᠢ ᠬᠤᠳᠠ ᠶᠢᠨ ᠬᠠᠭᠤᠴᠢᠨ ᠬᠤᠳᠠ︶ ᠬᠦᠷᠭᠦ ᠨᠢᠭᠡᠨ ᠵᠤᠷᠪᠤᠰ ᠲᠡᠷᠭᠡ ᠮᠤᠷᠢᠨ ᠤ ᠲᠠᠷᠳᠠᠩ ᠵᠠᠮ ᠪᠤᠯᠬᠤ ᠶᠤᠮ᠃ ᠡᠨᠡᠭᠦ ᠲᠠᠷᠳᠠᠩ ᠵᠠᠮ ᠨᠢ ᠠᠯᠠᠱᠠ ᠠᠭᠤᠯᠠ ᠪᠠᠷ ᠵᠠᠭᠠᠭ ᠪᠤᠯᠭᠠᠵᠤ᠂ ᠬᠤᠶᠠᠷ ᠲᠤᠮᠤ ᠭᠡᠰᠡᠭ ᠲᠤ ᠬᠤᠪᠢᠶᠠᠳᠠᠭ᠂ ᠵᠡᠭᠦᠨᠰᠢ ᠶᠠᠪᠤᠪᠠᠯ ᠬᠥᠮᠥᠨ ᠠᠮᠠ ᠨᠢᠬᠳᠠ ᠲᠥᠪᠯᠡᠷᠡᠭᠰᠡᠨ ᠨᠢᠩᠰᠢᠶᠠ ᠶᠢᠨ ᠲᠠᠯ᠎ᠠ ᠨᠤᠳᠤᠭ ᠲᠤ ᠬᠦᠷᠴᠦ᠂ ᠪᠠᠷᠠᠭᠤᠨᠰᠢ ᠶᠠᠪᠤᠪᠠᠯ ᠬᠥᠮᠥᠨ ᠠᠮᠠ ᠰᠡᠶᠢᠷᠡᠭ ᠠᠯᠠᠱᠠ ᠶᠢᠨ ᠥᠨᠳᠦᠷᠯᠢᠭ ᠲᠤ ᠨᠡᠪᠲᠡᠷᠡᠭᠦ ᠪᠤᠯᠤᠨ᠎ᠠ᠃ ᠠᠭᠤᠯᠠᠨ ᠤ ᠬᠤᠶᠠᠷ ᠲᠠᠯ᠎ᠠ ᠨᠢ ᠰᠠᠶᠢᠷᠭᠠᠯ ᠴᠢᠯᠠᠭᠤ ᠪᠠᠷ ᠬᠤᠴᠢᠭᠳᠠᠭᠰᠠᠨ ᠪᠤᠯᠬᠤᠷ ᠵᠠᠮ ᠤᠨ ᠰᠠᠭᠤᠷᠢ ᠨᠢ ᠪᠠᠳᠤ ᠪᠠᠬᠢ ᠪᠠᠶᠢᠵᠤ᠂ ᠶᠡᠭᠡᠩᠭᠢ ᠭᠡᠰᠡᠭ ᠢ ᠨᠢ ᠵᠠᠰᠠᠵᠤ ᠰᠡᠯᠪᠢᠬᠦ ᠴᠢᠬᠤᠯᠠ ᠦᠭᠡᠢ᠂ ᠡᠯᠵᠢᠭᠡᠨ ᠲᠡᠷᠭᠡ ᠬᠠᠰᠠᠭ ᠲᠡᠷᠭᠡ ᠤᠤᠯ ᠠᠴᠠ ᠪᠠᠨ ᠨᠡᠪᠲᠡᠷᠡᠭᠰᠡᠭᠡᠷ ᠢᠷᠡᠵᠡᠢ᠃       ᠨᠢᠩᠰᠢᠶᠠ ᠠᠴᠠ ᠬᠤᠯᠠᠳᠠᠬᠢᠨ ᠢ ᠲᠤᠭᠳᠠᠭᠠᠭᠴᠢ ᠬᠤᠷᠢᠶ᠎ᠠ ᠬᠦᠷᠭᠦ ᠲᠠᠷᠳᠠᠩ ᠵᠠᠮ ᠤᠨ ᠠᠭᠤᠯᠠᠨ ᠳᠠᠬᠢ ᠬᠡᠰᠡᠭ ᠵᠠᠮ ᠨᠢ ᠵᠤᠨ ᠨᠠᠮᠦᠷ ᠤᠨ ᠴᠠᠭ ᠲᠤ ᠦᠶᠡᠷ ᠲᠤ ᠳᠠᠭᠤᠭᠳᠠᠵᠤ ᠪᠢᠳᠡᠭᠦᠮᠵᠢᠯᠡᠭᠳᠡᠳᠡᠭ᠂ ᠡᠶᠢᠮᠦ ᠠᠴᠠ ᠡᠯᠡᠰᠦ ᠰᠢᠪᠠᠷ ᠢ ᠴᠡᠪᠡᠷᠯᠡᠭᠰᠡᠨ ᠤ ᠳᠠᠷᠠᠭ᠎ᠠ ᠰᠠᠶ᠋ᠢ ᠲᠡᠷᠭᠡ ᠨᠡᠪᠲᠡᠷᠡᠵᠦ ᠴᠢᠳᠠᠳᠠᠭ᠃ ᠡᠨᠡᠭᠦ ᠵᠠᠮ ᠨᠢ ᠬᠡᠳᠦᠶᠢᠪᠡᠷ ᠪᠠᠷᠤᠭ 10 ᠺᠢᠯᠦᠮᠧᠲᠷ ᠤᠷᠳᠤ ᠪᠤᠯᠪᠠᠴᠤ ᠶᠠᠭ ᠵᠠᠮ ᠤᠨ ᠪᠡᠯᠴᠢᠷ ᠲᠡᠭᠡᠷ᠎ᠡ ᠪᠠᠶᠢᠵᠤ᠂ ᠪᠦᠭᠦ ᠵᠠᠮ ᠤᠨ ᠬᠠᠮᠤᠭ ᠤᠨ ᠬᠦᠴᠢᠷᠲᠡᠢ ᠨᠢᠭᠡᠨ ᠳᠠᠪᠠᠭ᠎ᠠ ᠪᠠᠶᠢᠵᠤ᠂ ᠡᠷᠲᠡᠨ ᠠᠴᠠ ᠠᠪᠤᠭᠠᠳ ᠪᠤᠭᠤᠮᠳᠠ ᠶᠢᠨ ᠳᠤᠳᠤᠨ᠎ᠠ ᠭᠠᠳᠠᠨ᠎ᠠ ᠨᠡᠪᠲᠡᠷᠡᠭᠦ ᠵᠠᠩᠭᠢᠯᠠᠭ᠎ᠠ ᠮᠥᠨ᠃ ᠡ᠊ᠨᠳᠡ ᠭᠤᠷᠪᠠᠨ ᠬᠦᠳᠦᠯ ᠬᠤᠶᠢᠨ᠎ᠡ ᠬᠤᠶᠢᠨ᠎ᠡ ᠠᠴᠠ ᠪᠠᠨ ᠵᠠᠯᠭᠠᠯᠳᠤᠵᠤ᠂ ᠡᠭᠡᠭᠡ ᠯᠡ ᠬᠤᠯᠤ ᠰᠢᠭ᠋ ᠬᠠᠷᠢᠯᠴᠠᠨ ᠴᠦᠷᠭᠦᠯᠡᠵᠦ᠂ ᠭᠠᠵᠠᠷ ᠤᠨ ᠪᠠᠶᠢᠴᠠ ᠨᠢ ᠪᠠᠷᠳᠠᠭ᠎ᠠ ᠲᠠᠢ ᠠᠴᠠ ᠡᠷᠲᠡᠨ ᠠᠴᠠ ᠠᠪᠤᠭᠠᠳ ᠴᠡᠷᠢᠭ ᠤᠨ ᠪᠤᠳᠤᠯᠭᠠᠳᠠᠳ ᠤᠨ ᠪᠤᠯᠢᠶᠠᠯᠳᠤᠳᠠᠭ ᠤᠷᠤᠨ ᠪᠤᠯᠵᠠᠢ᠃ ᠨᠢᠩᠰᠢᠶᠠ ᠤᠷᠤᠭᠤ ᠬᠠᠨᠳᠤᠭᠰᠠᠨ ᠠᠭᠤᠯᠠ ᠶᠢᠨ ᠠᠮᠠ ᠶᠢ 头关 ᠲᠦᠷᠦᠭᠦᠦ ᠪᠤᠭᠤᠮᠳᠠ ︵ᠪᠠᠰᠠ ᠤᠯᠠᠭᠠᠨ ᠬᠤᠭᠤᠯᠠᠢ ᠭᠡᠳᠡᠭ︶᠂ ᠡ᠊ᠨᠳᠡ ᠠᠴᠠ ᠤᠮᠠᠷᠠᠰᠢ ᠪᠠᠨ ᠠᠭᠤᠯᠠ ᠥᠨᠳᠥᠷ ᠰᠦᠷᠯᠢᠭ ᠪᠠᠶᠢᠵᠤ᠂ ᠡᠭ᠍ᠴᠡ ᠪᠤᠰᠤᠭ᠎ᠠ ᠬᠠᠳᠠ ᠬᠠᠪᠴᠢᠯ ᠲᠠᠢ︔ ᠡᠮᠦᠨᠡᠰᠢ ᠪᠠᠨ ᠨᠢᠷᠤᠭᠤᠳ ᠨᠢ ᠮᠤᠷᠤᠯᠵᠠᠨ ᠰᠠᠷᠤᠯᠵᠠᠨ ᠦᠷᠭᠦᠯᠵᠢᠯᠡᠳᠡᠭ᠂ ᠡᠶᠢᠨᠬᠦ ᠮᠢᠩ ᠤᠯᠤᠰ ᠤᠨ ᠤᠷᠳᠤ ᠴᠠᠭᠠᠨ ᠬᠡᠷᠡᠮ ᠨᠢ ᠡ᠊ᠨᠳᠡ ᠠᠴᠠ ᠡᠮᠦᠨᠡᠰᠢ ᠪᠠᠨ ᠨᠠᠮᠬᠠᠨ ᠲᠤᠯᠤᠭᠠᠳ ᠳᠠᠭᠠᠭᠠᠳ ᠲᠡᠷᠡᠰᠦᠨ ᠤ ᠶᠢᠩ ᠱᠦᠢ ᠬᠦᠭᠦᠷᠭᠡ ᠶᠢᠨ ᠤᠶᠢᠷᠠᠯᠴᠠᠭ᠎ᠠ ᠬᠦᠷᠲᠡᠯ᠎ᠡ ᠦᠷᠭᠦᠯᠵᠢᠯᠡᠳᠡᠭ᠃ ᠲᠦᠷᠦᠭᠦᠦ ᠪᠤᠭᠤᠮᠳᠠ ᠠᠴᠠ ᠵᠡᠭᠦᠨ ᠬᠤᠶᠢᠰᠢ 10 ᠭᠠᠵᠠᠷ ᠤᠨ ᠵᠠᠢ ᠳᠤ 二关 ᠬᠤᠶᠠᠳᠤᠭᠠᠷ ᠪᠤᠭᠤᠮᠳᠠ ᠪᠤᠢ᠂ ᠡ᠊ᠨᠳᠡᠬᠢ ᠪᠠᠷᠳᠠᠭ᠎ᠠ ᠨᠢ ᠨᠡᠩ ᠶᠡᠭᠡ᠂ ᠵᠠᠮ ᠤᠨ ᠬᠤᠶᠠᠷ ᠬᠥᠪᠡᠭᠡ ᠪᠠᠷ ᠬᠠᠯᠢᠯ ᠬᠠᠳᠠ ᠎ ᠲᠠᠢ᠃      ᠭᠤᠷᠪᠠᠳᠤᠭᠠᠷ ᠪᠣᠭᠤᠮᠲᠠ三关  ᠪᠣᠯ ᠢᠷᠭᠠᠢ ᠬᠤᠲᠠ ᠶᠢᠨ ᠪᠠᠷᠠᠭᠤᠨ ᠲᠡᠭᠦᠷᠭᠡ ᠶᠢᠨ ᠪᠠᠷᠠᠭᠤᠨ ᠰᠢᠶᠠ ᠤᠯᠤᠰ ᠤᠨ ᠸᠠᠩ ᠤᠨ ᠣᠩᠭᠤᠨ ᠤ ᠪᠠᠷᠠᠭᠤᠨ ᠡᠮᠦᠨ᠎ᠡ ᠪᠠᠶᠢᠷᠢᠰᠢᠵᠤ᠂ ᠢᠷᠭᠠᠢ ᠬᠤᠲᠠ ᠠᠴᠠ ᠲᠠᠪᠢ ᠭᠠᠷᠤᠢ ᠺᠢᠯᠣᠮᠧᠲᠷ ᠵᠠᠶᠢᠲᠠᠢ᠂ ᠨᠢᠩᠰᠢᠶᠠ ᠬᠢᠭᠡᠳ ᠥᠪᠥᠷ ᠮᠣᠩᠭᠤᠯ ᠤᠨ ᠠᠭᠤᠯᠵᠠᠷ ᠭᠠᠵᠠᠷ ᠪᠣᠯᠣᠨ᠎ᠠ᠃ ᠢᠷᠭᠠᠢ ᠠᠴᠠ ᠪᠠᠶᠠᠨᠬᠤᠲᠠ ᠬᠦᠷᠬᠦ ᠵᠠᠰᠠᠮᠠᠯ ᠵᠠᠮ ᠶᠠᠭ ᠰᠠᠶᠢᠬᠠᠨ ᠭᠤᠷᠪᠠᠳᠤᠭᠠᠷ ᠪᠣᠭᠤᠮᠲᠠ ᠪᠠᠷ ᠥᠩᠭᠡᠷᠡᠵᠦ ᠪᠠᠶᠢᠨ᠎ᠠ᠃       ᠨᠢᠩᠰᠢᠶᠠ ᠳᠤ ᠪᠠᠰᠠ ᠨᠢᠭᠡ ᠭᠤᠷᠪᠠᠳᠤᠭᠠᠷ ᠪᠣᠭᠤᠮᠲᠠ ᠪᠠᠶᠢᠳᠠᠭ᠃  ᠡᠨᠡ ᠨᠢ ᠯᠢᠦ ᠫᠠᠨ ᠱᠠᠨ ᠠᠭᠤᠯᠠᠨ ᠳᠤ  ᠪᠣᠢ᠃      
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号