ᠭᠡᠷ ᠲᠤ ᠰᠠᠭᠤᠬᠤ ᠶᠤᠰᠤ
ᠨᠡᠶᠢᠲᠡᠯᠡᠭᠰᠡᠨ ᠴᠠᠭ᠄
2022/6/30
                         1. ᠭᠡᠷ ᠤᠨ ᠡᠵᠡᠨ ᠤ ᠰᠠᠭᠤᠳᠠᠯ᠄ ᠵᠡᠭᠦᠨ ᠬᠤᠶᠢᠮᠤᠷ᠂ ᠤᠷᠤ ᠶᠢᠨ ᠲᠡᠭᠡᠳᠤ ᠠᠪᠳᠠᠷ᠎ᠠ ᠶᠢᠨ ᠡᠮᠦᠨ᠎ᠡ ᠲᠡᠪᠢᠰᠦᠭᠰᠡᠨ ᠤᠯᠪᠤᠭ᠃       2. ᠭᠡᠷ ᠤᠨ ᠡᠵᠡᠭᠳᠡᠢ ᠶᠢᠨ ᠰᠠᠭᠤᠳᠠᠯ᠄ ᠭᠠᠯ ᠲᠤᠭᠤᠭᠠᠨ ᠤ ᠭᠡᠷᠡᠭᠰᠡᠯ ᠤᠨ ︵ᠲᠠᠯᠪᠢᠭᠤᠷ︶ ᠲᠡᠭᠡᠳᠤ ᠲᠡᠯ᠎ᠡ᠃       3. ᠭᠡᠤᠭᠡᠳ ᠤᠨ ᠰᠠᠭᠤᠳᠠᠯ᠄ ᠭᠡᠷ ᠤᠨ ᠪᠠᠷᠠᠭᠤᠨ ᠤᠷᠢᠳᠤ ᠭᠡᠰᠡᠭ ᠲᠤ ᠭᠡᠤᠭᠡᠳ ᠪᠠᠭᠠᠴᠤᠳ᠂ ᠭᠤᠤᠯᠳᠠᠭᠤ ᠪᠦᠰᠡᠳᠡᠢ ᠪᠠᠭᠠᠴᠤᠳ ᠠᠶᠢᠯ ᠳᠤ ᠤᠷᠤᠵᠤ ᠰᠠᠭᠤᠳᠠᠭ᠂ ᠬᠠᠷᠢᠨ ᠭᠡᠤᠭᠡᠳ ᠤᠨ ᠰᠠᠭᠤᠳᠠᠯ ᠭᠡᠵᠤ ᠲᠤᠰᠬᠠᠶᠢᠯᠠᠨ ᠲᠤᠭᠳᠠᠭᠠᠭᠰᠠᠨ ᠪᠠᠶᠢᠷᠢ ᠪᠠᠶᠢᠬᠤ ᠦᠭᠡᠢ ᠠᠵᠢ᠃       4. ᠵᠤᠴᠢᠳ ᠤᠨ ᠰᠠᠭᠤᠳᠠᠯ᠄ ᠭᠡᠷ ᠤᠨ ᠪᠠᠷᠠᠭᠤᠨ ᠲᠡᠭᠡᠳᠤ ᠬᠤᠶᠢᠮᠤᠷ᠃ ᠵᠤᠴᠢᠨ ᠳᠤ ᠵᠤᠷᠢᠭᠤᠯᠤᠯᠳᠠ ᠪᠦᠭᠦᠢ ︽ᠤᠯᠪᠤᠭ︾ ᠰᠢᠷᠢᠳᠡᠭ ᠲᠡᠨᠳᠡ ᠲᠠᠯᠪᠢᠭᠠᠰᠤᠳᠠᠢ ᠪᠠᠶᠢᠳᠠᠭ᠃ ᠡᠷᠤᠭᠡ ᠶᠢᠨ ᠲᠡᠷᠢᠭᠦᠯᠡᠭᠴᠢ ᠠᠴᠠ ᠵᠤᠴᠢᠨ ᠠᠬᠠᠮᠠᠳ ᠪᠤᠯ ᠪᠠᠷᠠᠭᠤᠨ ᠬᠤᠶᠢᠮᠤᠷ᠂ ᠦᠶ᠎ᠡ ᠲᠡᠩᠴᠡᠭᠦᠤ ᠪᠤᠯ ᠪᠠᠷᠠᠭᠤᠨ ᠲᠠᠯ᠎ᠠ ᠳᠤ᠂ ᠲᠡᠭᠦᠤ ᠨᠠᠰᠤᠨ ᠤ ᠪᠤᠯ ᠪᠠᠷᠠᠭᠤᠨ ᠡᠮᠦᠨ᠎ᠡ ᠴᠡᠭ ᠲᠤ ᠰᠠᠭᠤᠨ᠎ᠠ᠃ ᠵᠤᠴᠢᠨ ᠡᠮᠡᠭᠳᠡᠢ ᠭᠡᠷ ᠤᠨ ᠡᠵᠡᠭᠳᠡᠢ ᠠᠴᠠ ᠡᠭᠡᠴᠢ ᠪᠤᠯ ᠲᠡᠭᠡᠳᠤ ᠲᠠᠯ᠎ᠠ ᠎ ᠳᠤ᠂ ᠲᠡᠭᠦᠤ ᠪᠤᠯ ᠲᠤᠤᠷᠠᠳᠤ ᠲᠠᠯ᠎ᠠ ᠳᠤᠨᠢ ᠰᠠᠭᠤᠳᠠᠭ ᠶᠤᠰᠤᠳᠠᠢ᠃       ᠬᠤᠭᠤᠯᠠᠨ ᠳᠤ ᠤᠷᠤᠭᠠᠳᠤᠢ ᠨᠢᠯᠬ᠎ᠠ ᠭᠡᠤᠭᠡᠳ ᠢ ᠵᠡᠭᠦᠨ ᠬᠤᠶᠢᠮᠤᠷ ᠲᠠᠯ᠎ᠠ ᠳᠤ ︵ᠤᠷᠤ ᠶᠢᠨ ᠲᠡᠭᠡᠳᠤ ᠲᠠᠯ᠎ᠠ ᠳᠤ︶ ᠡᠴᠢᠭᠡ ᠡᠭᠡ ᠬᠤᠶᠠᠷ ᠤᠨ ᠰᠭᠤᠳᠠᠯ ᠵᠠᠪᠰᠠᠷ ᠬᠠᠨ᠎ᠠ ᠠᠴᠠ ᠤᠶᠠᠳᠠᠭ ︽ᠭᠡᠤᠭᠡᠳ ᠤᠨ ᠤᠶᠠᠭᠠᠨ ᠤ ᠲᠦᠳᠦᠭᠦᠯ︾᠎ ᠠᠴᠠ ᠤᠶᠠᠵᠤ᠂ ᠡᠮᠦᠨ᠎ᠡ ᠲᠠᠯ᠎ᠠ ᠳᠤᠨᠢ ︽ᠬᠠᠶᠢᠰᠠᠩ︾ ᠭᠡᠮᠡᠭᠦ 20 — 30 ᠰᠡᠨᠲ᠋ᠢᠮᠧᠲᠷ ᠤᠨ ᠦᠨᠳᠤᠷ ᠮᠤᠳᠤᠨ ᠲᠦᠰᠢᠯᠭᠡ ᠪᠤᠰᠬᠠᠭᠰᠠᠨ ᠪᠠᠶᠢᠭᠰᠠᠨ᠃       ᠭᠡᠷ ᠲᠤ ᠰᠠᠭᠤᠬᠤ ᠡᠳᠡᠭᠡᠷ ᠰᠠᠭᠤᠳᠠᠯ ᠤᠨ ᠪᠠᠶᠢᠷᠢᠯᠠᠯᠳᠠ ᠰᠠᠭᠤᠬᠤ ᠲᠤᠳᠤᠷᠬᠠᠢ ᠭᠡᠯᠪᠡᠷᠢ ᠨᠦᠭᠦᠳ ᠤᠯᠠᠮᠵᠢᠯᠠᠭᠳᠠᠨ ᠢᠷᠡᠵᠡᠢ᠃ ᠡᠭᠦᠨ ᠳᠤ᠄       ᠭᠡᠷ ᠤᠨ ᠡᠵᠡᠨ ᠤ ᠰᠠᠭᠤᠳᠠᠯ ᠤᠯᠪᠤᠭ ᠰᠢᠷᠢᠳᠡᠭ ᠲᠡᠪᠢᠰᠦᠭᠰᠡᠨ ᠪᠠᠶᠢᠬᠤ ᠪᠦᠭᠡᠳ ᠡᠷᠤᠭᠡ ᠶᠢᠨ ᠲᠡᠷᠢᠭᠦᠯᠡᠭᠴᠢ ︽ᠵᠠᠪᠢᠯᠠᠭ᠎ᠠ︾ ᠭᠡᠮᠡᠨ ᠨᠡᠷᠡᠯᠡᠳᠡᠭ ᠰᠠᠭᠤᠳᠠᠯ ᠤᠨ ᠭᠡᠯᠪᠡᠷᠢ ᠪᠠᠷ ᠰᠠᠭᠤᠨ᠎ᠠ᠃ ᠬᠤᠶᠠᠷ ᠡᠪᠤᠳᠦᠭ ᠢ ᠨᠤᠭᠤᠯᠤᠨ ᠦᠯᠮᠡᠢ ᠵᠦᠷᠢᠭᠦᠯᠵᠤ ᠭᠦᠯ ᠢ ᠲᠠᠷᠤᠵᠤ ᠰᠠᠭᠤᠬᠤ᠂ ᠮᠥᠨ ᠦᠯᠮᠡᠢ ᠪᠠᠷ ᠵᠦᠷᠢᠭᠦᠯᠦᠭᠰᠡᠨ ᠭᠦᠯ ᠢ ᠲᠠᠷᠤᠬᠤ ᠦᠭᠡᠢ ᠪᠠᠷ ᠰᠠᠭᠤᠳᠠᠯ ᠤᠨ ᠭᠡᠰᠡᠭ ᠪᠠᠷ ︵ᠦᠭᠡᠵᠡᠭ ᠢᠶᠠᠷ︶ ᠰᠢᠭᠤᠳ ᠰᠢᠷᠢᠳᠡᠭ ᠲᠤ ᠲᠤᠯᠤᠨ ᠰᠠᠭᠤᠬᠤ ᠰᠠᠭᠤᠳᠠᠯ ᠶᠤᠮ᠃       ᠡᠨᠡ ᠵᠠᠪᠢᠯᠠᠭ᠎ᠠ ᠰᠠᠭᠤᠳᠠᠯ ᠢᠶᠠᠷ ᠵᠦᠪᠭᠡᠨ ᠭᠡᠷ ᠤᠨ ᠡᠵᠡᠨ ᠲᠡᠳᠤᠢ ᠦᠭᠡᠢ ᠦᠨᠳᠤᠷ ᠨᠠᠰᠤᠳᠠᠨ᠂ ᠯᠠᠮ᠎ᠠ ᠬᠤᠸᠠᠷᠠᠭ ᠲᠡᠷᠢᠭᠦᠳᠡᠨ ᠠᠶᠢᠯ ᠳᠤ ᠵᠤᠴᠢᠯᠠᠨ ᠵᠤᠴᠢᠳ ᠤᠨ ᠰᠠᠭᠤᠳᠠᠯ ᠳᠤ ᠰᠠᠭᠤᠬᠤ ᠳᠠᠭᠠᠨ ᠰᠠᠭᠤᠳᠠᠭ ᠤᠯᠠᠮᠵᠢᠯᠠᠯᠳᠤ ᠰᠠᠭᠤᠳᠠᠯ ᠪᠤᠯᠤᠨ᠎ᠠ᠃       ᠭᠡᠷ ᠤᠨ ᠡᠵᠡᠭᠳᠡᠢ ᠶᠢᠨ ᠰᠠᠭᠤᠳᠠᠯ ᠪᠤᠯᠤᠨ ᠭᠡᠷ ᠤᠨ ᠵᠡᠭᠦᠨ ᠪᠠᠷᠠᠭᠤᠨ ᠲᠠᠯ᠎ᠠ ᠳᠤ ᠰᠠᠭᠤᠬᠤ ᠭᠦᠮᠦᠰ ᠤᠨ ᠰᠠᠭᠤᠬᠤ ᠰᠠᠭᠤᠳᠠᠯ ᠨᠢ ᠮᠥᠨ ᠵᠠᠩᠰᠢᠯ ᠶᠤᠰᠤᠭᠠᠷ ᠲᠤᠳᠤᠷᠬᠠᠢ ᠪᠠᠶᠢᠯ᠎ᠠ᠃       ᠭᠡᠷ ᠤᠨ ᠵᠡᠭᠦᠨ ᠪᠠᠷᠠᠭᠤᠨ ᠲᠠᠯ᠎ᠠ ᠳᠤ ᠰᠭᠤᠭᠴᠢᠳ ᠨᠢ ︽ᠴᠤᠮᠴᠤᠶᠢᠨ︾ ᠰᠠᠭᠤᠳᠠᠭ ᠶᠤᠰᠤᠳᠠᠢ ᠠᠵᠢ᠃ ᠪᠠᠷᠠᠭᠤᠨ ᠲᠠᠯ᠎ᠠ ᠳᠤ ᠰᠠᠭᠤᠬᠤ ᠭᠦᠮᠦᠨ ᠵᠡᠭᠦᠨ ᠡᠪᠤᠳᠦᠭ ᠢ ᠨᠤᠭᠤᠯᠤᠨ ᠲᠠᠷᠤᠵᠤ᠂ ᠪᠠᠷᠠᠭᠤᠨ ᠭᠦᠯ ᠢᠶᠠᠨ ᠴᠤᠮᠴᠤᠶᠢᠯᠭᠠᠨ ᠰᠠᠭᠤᠨ᠎ᠠ᠃       ᠵᠡᠭᠦᠨ ᠲᠠᠯ᠎ᠠ ᠳᠤ ᠰᠭᠤᠬᠤ ᠭᠦᠮᠦᠨ ᠪᠠᠷᠠᠭᠤᠨ ᠡᠪᠦᠳᠦᠭ ᠢᠶᠠᠨ ᠨᠤᠭᠤᠯᠤᠨ ᠵᠡᠭᠦᠨ ᠭᠦᠯ ᠢᠶᠠᠷ ᠢᠶᠠᠨ ᠴᠤᠮᠴᠤᠶᠢᠨ᠎ᠠ᠃ ᠡᠨᠡ ᠰᠠᠭᠤᠳᠠᠯ ᠢᠶᠠᠷ ᠭᠡᠷ ᠤᠨ ᠡᠵᠡᠭᠳᠡᠢ᠂ ᠡᠮᠡᠭᠳᠡᠶᠢᠴᠤᠳ᠂ ᠲᠦᠷᠦ ᠶᠢᠨ ᠬᠠᠷ᠎ᠠ ᠭᠦᠮᠦᠨ ᠪᠤᠯᠤᠨ ᠵᠠᠯᠠᠭᠤᠴᠤᠳ ᠰᠠᠭᠤᠳᠠᠭ ᠵᠠᠩᠰᠢᠯ ᠨᠡᠶᠢᠳᠡ ᠮᠤᠩᠭᠤᠯᠴᠤᠳ ᠲᠤ ᠲᠦᠭᠡᠮᠡᠯ ᠲᠡᠯᠭᠡᠷᠡᠵᠡᠢ᠃       ᠭᠡᠷ ᠤᠨ ᠡᠵᠡᠨ᠂ ᠡᠵᠡᠭᠳᠡᠢ ᠪᠤᠯᠤᠨ ᠵᠤᠴᠢᠳ ᠭᠡᠶᠢᠴᠢᠳ ᠤᠨ ᠰᠠᠭᠤᠳᠠᠭ ᠡᠳᠡᠭᠡᠷ ᠰᠠᠭᠤᠳᠠᠯ ᠠᠴᠠ ᠭᠠᠳᠠᠨ᠎ᠠ ᠭᠡᠷ ᠲᠤ ᠰᠠᠭᠤᠬᠤ᠂ ᠲᠦᠷ ᠵᠠᠭᠤᠷ᠎ᠠ ᠰᠠᠭᠤᠬᠤ ᠭᠡᠳᠤ ᠭᠡᠳᠤᠨ ᠵᠠᠩᠵᠤ ᠶᠢᠨ ᠰᠠᠭᠤᠳᠠᠯ ᠪᠠᠶᠢᠵᠠᠢ᠃       ︽ᠭᠦᠯ ᠵᠢᠭᠢᠵᠤ ᠰᠠᠭᠤᠬᠤ︾ — — ᠲᠡᠪᠢᠰᠭᠡᠷ᠂ ᠰᠢᠷᠢᠳᠡᠭ ᠲᠡᠭᠡᠷ᠎ᠡ ᠬᠤᠶᠠᠷ ᠭᠦᠯ ᠢᠶᠠᠨ ᠰᠢᠯᠤᠭᠤᠨ ᠵᠢᠭᠢᠵᠤ ᠴᠢᠭᠡ ᠰᠠᠭᠤᠬᠤ ᠭᠡᠯᠪᠡᠷᠢ ᠶᠤᠮ᠃ ᠬᠠᠯᠬ᠎ᠠ ᠳᠤ ᠡᠨᠡ ᠰᠠᠭᠤᠳᠠᠯ ᠢ ︽ᠠᠮᠠᠷᠠᠵᠤ ᠰᠠᠭᠤᠬᠤ︾ ᠰᠠᠭᠤᠳᠠᠯ ᠭᠡᠳᠡᠭ᠃       ︽ᠰᠦᠭᠦᠷᠡᠭᠦ ᠰᠠᠭᠤᠳᠠᠯ︾ — — ᠬᠤᠶᠠᠷ ᠡᠪᠤᠳᠦᠭ ᠢᠶᠠᠨ ᠲᠤᠳᠤᠭᠰᠢ ᠨᠤᠭᠤᠯᠤᠨ ᠲᠠᠷᠤᠵᠤ ᠰᠠᠭᠤᠬᠤ ᠰᠠᠭᠤᠳᠠᠯ᠃ ᠬᠤᠰᠢᠭᠤ ᠨᠤᠶᠠᠳ ᠲᠦᠰᠢᠮᠡᠳ᠂ ᠶᠡᠭᠡᠰ ᠲᠡᠭᠡᠳᠤᠰ ᠤᠨ ᠦᠷᠦᠭᠡ ᠭᠡᠷ ᠲᠤ ᠪᠤᠯᠤᠨ ᠲᠡᠳᠡᠨ ᠎ ᠤ ᠲᠡᠷᠭᠡᠳᠡ ᠬᠠᠷᠠᠴᠤ ᠠᠷᠠᠳ ᠰᠦᠭᠦᠷᠡᠨ ᠰᠠᠭᠤᠬᠤ ᠶᠤᠰᠤ ᠪᠠᠶᠢᠭᠰᠠᠨ ᠪᠦᠭᠡᠳ ᠲᠡᠭᠦᠨ ᠢ ᠬᠠᠮᠤᠭ ᠤᠨ ᠭᠦᠨᠳᠦᠳᠭᠡᠯ ᠢᠯᠡᠷᠭᠡᠶᠢᠯᠡᠭᠰᠡᠨ ᠰᠠᠭᠤᠳᠠᠯ ᠭᠡᠵᠤ ᠦᠵᠡᠳᠡᠭ᠃       ᠲᠡᠶᠢᠮᠦ ᠠᠴᠠ ᠠᠶᠢᠯ ᠳᠤ ᠤᠷᠤᠭᠰᠠᠨ ᠭᠦᠮᠦᠨ ᠳᠤ ᠤᠯᠪᠤᠭ ᠲᠠᠯᠪᠢᠵᠤ ᠦᠭᠭᠦ ᠠᠴᠠ ᠡᠭᠢᠯᠡᠭᠡᠳ ᠰᠦᠭᠦᠷᠡᠵᠤ ᠰᠠᠭᠤᠵᠤ ᠪᠠᠶᠢᠭᠠᠳ ᠭᠡᠷ ᠤᠨ ᠡᠵᠡᠭᠳᠡᠢ ᠶᠢ ᠴᠠᠢ ᠠᠶᠠᠭᠠᠯᠠᠨ ᠦᠭᠭᠦ ᠳᠤᠨᠢ ᠬᠤᠶᠠᠷ ᠭᠠᠷᠳᠠᠨ ᠠᠪᠴᠤ ᠡᠮᠦᠨ᠎ᠡ ᠪᠠᠨ ᠲᠠᠯᠪᠢᠴᠢᠬᠠᠭᠠᠳ ᠰᠠᠭᠤᠳᠠᠯ ᠢᠶᠠᠨ ᠰᠤᠯᠢᠨ ᠴᠤᠮᠴᠤᠶᠢᠬᠤ᠂ ᠵᠠᠪᠢᠯᠠᠬᠤ ᠰᠠᠭᠤᠳᠠᠯ ᠢᠶᠠᠷ ᠰᠠᠭᠤᠬᠤ ᠤᠯᠠᠮᠵᠢᠯᠠᠯᠳᠤ ᠶᠤᠰᠤ ᠴᠦ ᠪᠠᠶᠢᠭᠰᠨᠨ ᠠᠵᠢ᠃      
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号