ᠬᠤᠪᠤᠩ ᠲᠦᠷᠦᠯ ᠭᠡᠳᠡᠭ ᠦᠬᠡᠨ ᠤ ᠤᠳᠬ᠎ᠠ ᠶᠢᠨ ᠲᠤᠬᠠᠢ
ᠨᠡᠶᠢᠲᠡᠯᠡᠭᠰᠡᠨ ᠴᠠᠭ᠄
2022/6/30
ᠤᠷᠢᠶᠠᠩᠬᠠᠨ ᠤ᠂ ᠶᠤᠨᠳᠤᠨ                         ᠨᠡᠭᠦᠳᠡᠯ ᠮᠠᠯᠵᠢᠯ ᠤᠨ ᠦᠶ᠎ᠡ ᠳᠤ ᠬᠤᠪᠤᠩ ᠪᠤᠯ ᠭᠠᠯ ᠲᠤᠭᠤᠭᠠᠨ ᠤ ᠬᠡᠷᠡᠭᠰᠡᠯ ᠤᠨ ᠴᠢᠬᠤᠯᠠ ᠨᠢᠭᠡᠨ ᠪᠦᠷᠢᠯᠳᠦᠭᠦᠨ ᠪᠤᠯᠤᠨ᠎ᠠ᠃ ᠬᠤᠪᠤᠩ ᠭᠡᠳᠡᠭ ᠪᠤᠯ ᠬᠤᠭᠤᠯᠠ ᠴᠠᠢ ᠶᠢ ᠬᠠᠯᠠᠭᠤᠨ ᠪᠠᠶᠢᠯᠭᠠᠬᠤ ᠶᠢᠨ ᠲᠤᠯᠨᠳᠠ ᠲᠤᠯᠭ᠎ᠠ ᠶᠢᠨ ᠤᠯᠠᠭᠠᠨ ᠨᠤᠷᠤᠮ ᠢ ᠬᠢᠵᠦ ᠲᠠᠯᠪᠢᠳᠠᠭ ᠲᠡᠭᠡᠷ᠎ᠡ ᠲᠠᠯ᠎ᠠ ᠨᠢ ᠵᠠᠳᠠᠭᠠᠢ ᠲᠦᠭᠦᠷᠢᠭ ᠬᠡᠯᠪᠡᠷᠢ ᠶᠢᠨ ᠰᠠᠪᠠ ᠶᠢ ᠵᠢᠭᠠᠭᠰᠠᠨ ᠨᠡᠷ᠎ᠡ ᠦᠬᠡ᠃ ᠲᠡᠮᠤᠷ ᠢᠶᠠᠷ ᠴᠢᠳᠬᠤᠭᠰᠠᠨ ᠪᠤᠶᠤ ᠰᠢᠪᠠᠷ ᠢᠶᠠᠷ ᠪᠠᠷᠢᠭᠰᠠᠨ ᠴᠤ ᠪᠤᠢ᠃ ᠦᠩᠭᠡᠷᠡᠭᠰᠡᠨ ᠳᠤ ᠡᠷᠦᠬᠡ ᠪᠦᠬᠦᠨ ᠳᠤ ᠵᠤᠤᠬ᠎ᠠ ᠶᠢᠨ ᠬᠠᠵᠠᠭᠤ ᠲᠡᠷᠭᠡᠳᠡ ᠬᠤᠪᠤᠩ ᠲᠡᠭᠡᠷ᠎ᠡ ᠲᠡᠪᠦᠷ᠎ᠡ ᠲᠠᠢ ᠴᠠᠢ ᠭᠤᠤᠯᠳᠠᠭᠤ ᠲᠠᠯᠪᠢᠭᠰᠠᠨ ᠪᠠᠶᠢᠳᠠᠭ ᠶᠤᠮ᠃       ᠬᠤᠪᠤᠩ ᠤᠨ ᠦᠢᠯᠡᠳᠦᠯ᠄ ᠬᠤᠪᠤᠩ ᠳᠤ ᠭᠠᠯ ᠲᠦᠯᠡᠬᠦ ᠪᠢᠰᠢ ᠬᠠᠷᠢᠨ ᠭᠠᠯ ᠤᠨ ᠨᠤᠷᠤᠮ ᠤᠨ ᠢᠯᠴᠢ ᠶᠢ ᠠᠰᠢᠭᠯᠠᠨ᠂ ᠬᠤᠭᠤᠯᠠ ᠴᠠᠢ ᠪᠠᠨ ᠬᠠᠯᠠᠭᠤᠨ ᠪᠠᠶᠢᠯᠭᠠᠬᠤ ᠶᠢ ᠪᠠᠳᠤᠯᠠᠬᠤ ᠦᠢᠯᠡᠳᠦᠯ ᠲᠠᠢ᠃ ᠢᠩᠭᠢᠪᠡᠯ ᠵᠤᠤᠬ᠎ᠠ ᠶᠢᠨ ᠲᠡᠭᠡᠷ᠎ᠡ ᠬᠢᠬᠦ ᠠᠵᠢᠯ ᠢ ᠰᠠᠭᠠᠳᠠᠭᠠᠬᠤ ᠦᠭᠡᠢ ᠮᠦᠷᠳᠡᠭᠡᠨ ᠬᠤᠭᠤᠯᠠ ᠴᠠᠢ ᠪᠠᠨ ᠬᠠᠯᠠᠭᠤᠨ ᠢᠶᠠᠷ ᠨᠢ ᠢᠳᠡᠵᠦ ᠤᠤᠭᠤᠵᠦ ᠠᠰᠢᠭᠯᠠᠵᠦ ᠪᠤᠯᠤᠨ᠎ᠠ᠂ ᠪᠠᠰᠠ ᠮᠠᠯ ᠬᠠᠷ᠎ᠠ ᠳᠤ ᠶᠠᠪᠤᠭᠰᠠᠨ ᠪᠤᠶᠤ ᠭᠠᠳᠠᠭᠰᠢ ᠭᠠᠷᠤᠭᠰᠠᠳ ᠲᠠᠭᠠᠨ ᠪᠡᠯᠡᠨ ᠬᠠᠯᠠᠭᠤᠨ ᠬᠤᠭᠤᠯᠠ ᠴᠠᠢ ᠲᠠᠢ ᠪᠠᠶᠢᠬᠤ ᠶᠢ ᠪᠡᠶᠡᠯᠡᠭᠦᠯᠬᠦ ᠵᠡᠷᠭᠡ ᠦᠢᠯᠡᠳᠦᠯ ᠲᠠᠢ ᠪᠠᠶᠢᠳᠠᠭ᠃       ᠰᠢᠪᠠᠷ ᠬᠤᠪᠤᠩ ᠢ ᠪᠠᠷᠢᠬᠤ᠄ ᠰᠢᠪᠡᠷ ᠬᠤᠪᠤᠩ ᠢ ᠠᠶᠢᠯ ᠤᠳ ᠦᠪᠡᠷᠳᠡᠭᠡᠨ ᠴᠠᠭᠠᠨ ᠰᠢᠪᠡᠷ ︵ᠲᠤᠰᠬᠠᠢ ᠰᠢᠷᠦᠢ︶᠎ ᠲᠤ ᠬᠢᠯᠭᠠᠰᠤ ᠪᠤᠶᠤ ᠦᠬᠡᠷ ᠤᠨ ᠪᠠᠭᠠᠰᠤ ᠶᠢ ᠵᠤᠬᠢᠬᠤ ᠬᠠᠷᠢᠴᠠᠯ ᠢᠶᠠᠷ ᠬᠤᠯᠢᠵᠦ ᠵᠢᠭᠤᠷᠠᠵᠦ ᠨᠡᠶᠢᠰᠢᠭᠦᠯᠦᠭᠰᠡᠨ ᠤ ᠲᠠᠷᠠᠭ᠎ᠠ᠂ ᠠᠯᠠᠭ᠎ᠠ ᠪᠠᠷ ᠢᠶᠠᠨ ᠨᠠᠷᠢᠨ ᠪᠦᠬᠡᠨᠳᠡᠶᠢᠯᠡᠭᠡᠳ ᠲᠦᠭᠦᠷᠢᠭᠯᠡᠨ ᠲᠠᠯᠪᠢᠵᠦ ᠲᠠᠪᠬᠤᠷᠯᠠᠨ ᠨᠠᠭᠠᠯᠳᠤᠭᠤᠯᠤᠭᠠᠳ᠂ ᠦᠷᠭᠡᠨ ᠪᠠ ᠦᠨᠳᠦᠷ ᠢᠶᠠᠷ ᠢᠶᠠᠨ ᠪᠠᠷᠤᠭ 30 ᠰᠠᠨᠲ᠋ᠢᠮᠧᠲᠷ ᠤᠨ ᠡᠵᠡᠯᠡᠭᠦᠨ ᠲᠠᠢ ᠪᠠᠷᠢᠨ᠎ᠠ᠃ ᠪᠠᠷᠢᠵᠦ ᠪᠠᠷᠠᠭᠠᠳ ᠬᠤᠶᠠᠷ ᠰᠦᠪᠡᠭᠡᠨ ᠳᠤᠨᠢ ᠠᠮᠢᠰᠬᠤᠯ ᠤᠨ ᠨᠦᠬᠡ ᠭᠠᠷᠭᠠᠵᠦ ᠲᠠᠯᠪᠢᠭᠰᠠᠨ ᠢᠶᠠᠨ ᠰᠢᠪᠠᠷ ᠢᠶᠠᠷ ᠢᠶᠠᠨ ᠢᠯᠠᠵᠦ ᠦ ᠶᠢ ᠨᠢ ᠭᠠᠷᠭᠠᠵᠦ ᠬᠠᠳᠠᠭᠠᠳᠠᠭ᠃       ᠨᠤᠮ ᠪᠢᠴᠢᠭ ᠲᠤ ︽ᠬᠤᠪᠤᠩ ᠲᠦᠷᠦᠯ︾ ᠭᠡᠵᠦ ᠪᠢᠴᠢᠭᠳᠡᠵᠦ ᠪᠠᠶᠢᠬᠤ ᠨᠢ ᠬᠤᠪᠤᠩ ᠵᠤᠤᠬ᠎ᠠ ᠪᠠᠨ ᠲᠤᠭᠤᠷᠢᠵᠦ ᠰᠠᠭᠤᠭᠰᠠᠨ ᠠᠴᠠ ᠤᠳᠬ᠎ᠠ ᠠᠪᠴᠤ᠂ ᠬᠤᠯᠠ ᠤᠶᠢᠷ᠎ᠠ ᠶᠢᠨ ᠲᠦᠷᠦᠯ ᠭᠡᠵᠦ ᠤᠳᠤᠮ ᠤᠭᠰᠠᠭ᠎ᠠ ᠨᠢᠭᠡᠳᠡᠢ ᠰᠠᠳᠤᠨ ᠲᠦᠷᠦᠯ ᠭᠡᠰᠡᠨ ᠤᠳᠬ᠎ᠠ ᠰᠠᠨᠠᠭ᠎ᠠ ᠶᠢ ᠢᠯᠡᠳᠭᠡᠵᠦ ᠪᠠᠶᠢᠬᠤ ᠮᠡᠳᠦ ᠤᠶᠢᠯᠠᠭᠠᠭᠳᠠᠵᠦ ᠪᠠᠶᠢᠨ᠎ᠠ᠃ ᠤᠯᠠᠨ ᠮᠡᠷᠭᠡᠳ ᠵᠢᠭᠠᠨ ᠰᠤᠷᠭᠠᠬᠤ ᠶᠢ ᠬᠦᠰᠡᠶ᠎ᠡ︕            
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号