ᠷᠢᠨᠴᠢᠨ | | | | ᠬᠦᠯᠴᠦᠭᠦᠯᠳᠡᠭ ᠣᠮᠳᠠᠭᠠᠨ ᠤ ᠵᠦᠢᠯ ᠤᠨ ᠶᠡᠷᠦᠩᠬᠡᠢ ᠪᠦᠭᠡᠳ ᠬᠦᠨᠳᠦᠳᠭᠡᠯ ᠤᠨ ᠨᠡᠷ᠎ᠡ ᠨᠢ ᠰᠠᠷᠬᠤᠳ᠃ | ᠰᠠᠷᠬᠤᠳ ᠲᠤᠲᠤᠷ᠎ᠠ ᠪᠠᠨ ᠪᠠᠰᠠ ᠨᠡᠷ᠎ᠡ ᠶᠢᠨ ᠢᠯᠭᠠᠭ᠎ᠠ ᠲᠠᠢ᠃ ᠨᠡᠷᠡᠵᠤ ᠪᠣᠯᠪᠠᠰᠣᠷᠠᠭᠤᠯᠣᠭᠰᠠᠨ ᠰᠠᠷᠬᠤᠳ ᠤᠨ | ᠵᠦᠢᠯ ᠳᠤ ᠠᠷᠢᠬᠢ ᠭᠡᠳᠡᠭ ᠨᠢᠭᠡᠨ ᠵᠦᠢᠯ ᠪᠤᠢ᠃ ᠠᠷᠢᠬᠢ ᠭᠡᠳᠡᠭ ᠨᠡᠷ᠎ᠡ ᠨᠢ ᠮᠣᠩᠭᠤᠯ ᠦᠰᠦᠭ ᠢᠶᠠᠷ ᠣᠳᠤ ᠶᠢᠨ | ᠲᠠᠭᠤᠳᠠᠯᠭ᠎ᠠ ᠪᠠᠷ ᠪᠤᠯᠪᠠᠯ ᠠᠷᠢᠬᠢ ᠭᠡᠵᠦ ᠪᠢᠴᠢᠭᠰᠡᠨ ᠪᠠᠶᠢᠳᠠᠭ᠃ ᠣᠭ ᠡᠷᠲᠡᠨ ᠤ ᠲᠠᠭᠤᠳᠠᠯᠭ᠎ᠠ ᠪᠠᠷ ᠨᠢ ᠪᠤᠯ | ᠠᠷᠠᠺᠢ ᠭᠡᠰᠡᠨ ᠦᠭᠡ ᠪᠦᠭᠡᠳ ᠡᠷᠲᠡᠨ ᠤ ᠠᠷᠠᠪ ᠠᠴᠠ ᠠᠪᠤᠭᠰᠠᠨ ᠬᠡᠯᠪᠡᠷᠢ ᠨᠢ ᠶᠠᠪᠣᠵᠤ ᠪᠠᠶᠢᠭ᠎ᠠ ᠬᠡᠷᠡᠭ᠃ | ᠠᠷᠠᠪᠴᠤᠳ ᠳᠣᠮᠳᠠᠳᠣ ᠠᠽᠢᠶ᠎ᠠ ᠳᠤ ᠨᠠᠢᠮᠠᠳᠣᠭᠠᠷ ᠵᠠᠭᠤᠨ ᠤ ᠦᠶ᠎ᠡ ᠠᠴᠠ ᠡᠵᠡᠨ ᠪᠤᠯᠤᠭᠰᠠᠨ ᠭᠡᠳᠡᠭ ᠢᠶᠠᠷ | ᠪᠣᠳᠣᠬᠤ ᠳᠤ ᠮᠣᠩᠭᠤᠯᠴᠣᠳ ᠲᠡᠳᠡᠨ ᠠᠴᠠ ᠨᠠᠭᠠᠲᠤ ᠵᠠᠬ᠎ᠠ ᠨᠢ ᠨᠠᠢᠮᠠᠳᠣᠭᠠᠷ ᠵᠠᠭᠤᠨ ᠤ ᠦᠶ᠎ᠡ ᠠᠴᠠ ᠦᠪᠡᠷ ᠤᠨ | ᠦᠭᠡ ᠪᠣᠯᠭᠠᠨ ᠠᠪᠤᠭᠰᠠᠨ ᠪᠤᠯᠤᠨ᠎ᠠ᠃ ᠲᠡᠭᠡᠬᠦ ᠳᠤ ᠯᠠᠪ 1200 ᠵᠢᠯ ᠠᠷᠢᠬᠢ ᠭᠡᠳᠡᠭ ᠨᠡᠷ᠎ᠡ ᠬᠡᠷᠡᠭᠯᠡᠭᠰᠡᠭᠡᠷ | ᠢᠷᠡᠵᠡᠢ᠃ ᠠᠷᠠᠪ ᠢᠶᠠᠷ ᠠᠷᠠᠺᠠ ᠭᠡᠵᠦ ᠠᠷᠢᠬᠢ ᠶᠢ ᠨᠡᠷᠡᠯᠡᠳᠡᠭ ᠨᠢ ᠪᠤᠯᠭᠠᠷᠢᠶ᠎ᠠ ᠬᠡᠯᠡᠨ ᠳᠤ ᠷᠠᠺᠢᠶᠠ ᠭᠡᠵᠦ ᠣᠷᠤᠭᠰᠠᠨ | ᠬᠡᠯᠪᠡᠷᠢ ᠣᠳᠤ ᠴᠦ ᠪᠤᠢ᠃ ᠠᠷᠢᠬᠢᠨ ᠲᠤᠳᠤᠷ᠎ᠠ ᠮᠣᠩᠭᠤᠯᠴᠣᠳ ᠰᠢᠮ᠎ᠡ ᠶᠢᠨ ᠠᠷᠢᠬᠢ ᠭᠡᠵᠦ᠂ ᠲᠡᠭᠦᠨ ᠲᠤᠲᠤᠷ᠎ᠠ | ᠪᠠᠨ ᠠᠷᠠᠵᠠ᠂ ᠬᠤᠣᠷᠠᠵᠠ ᠭᠡᠬᠦ ᠵᠡᠷᠭᠡ ᠪᠠᠷ ᠬᠠᠳᠠᠭᠤ ᠶᠢᠨ ᠬᠡᠮᠵᠢᠶ᠎ᠠ ᠪᠠᠷ ᠢᠯᠭᠠᠨ ᠨᠡᠷᠡᠯᠡᠭᠰᠡᠨ ᠣᠯᠠᠨ ᠨᠡᠷ᠎ᠡ ᠪᠤᠢ᠃ | | ᠠᠷᠢᠬᠢᠨ ᠵᠦᠢᠯ ᠳᠤ ᠪᠠᠰᠠ ᠰᠢᠲᠠᠮ᠎ᠠ ᠭᠡᠳᠡᠭ ᠨᠡᠷ᠎ᠡ ᠪᠤᠢ᠃ ᠭᠠᠯ ᠳᠤ ᠰᠢᠲᠠᠳᠠᠭ ᠣᠴᠢᠷ ᠠᠴᠠ ᠴᠢᠩᠬᠢᠵᠤ | ᠨᠡᠷᠡᠯᠡᠭᠰᠡᠨ ᠬᠡᠷᠡᠭ᠃ ᠭᠧᠷᠮᠠᠨ ᠬᠡᠯᠡᠨ᠎ᠡ ᠪᠷᠠᠨᠲᠸᠠᠶᠢᠨ ᠪᠤᠶᠤ ᠰᠢᠲᠠᠳᠠᠭ ᠠᠷᠢᠬᠢ᠂ ᠠᠩᠭ᠍ᠯᠢ ᠪᠠᠷ ᠪᠷᠧᠨᠳᠢ ᠭᠡᠵᠦ ᠶᠠᠭ | ᠮᠣᠩᠭᠤᠯ ᠲᠠᠢ ᠠᠳᠠᠯᠢ ᠰᠢᠲᠠᠮ᠎ᠠ ᠭᠡᠰᠡᠨ ᠨᠡᠷ᠎ᠡ ᠪᠠᠶᠢᠳᠠᠭ ᠲᠠᠢ ᠳ᠋ᠦᠢᠬᠦ ᠨᠡᠷ᠎ᠡ ᠮᠠᠨ ᠤ ᠳᠤ ᠪᠠᠶᠢᠭ᠎ᠠ ᠶᠢ ᠧᠦ᠋ᠷᠦᠫᠡ | ᠬᠡᠯᠡᠨ ᠠᠴᠠ ᠣᠷᠴᠢᠭᠤᠯᠬᠤ ᠬᠦᠮᠦᠨ ᠮᠡᠳᠡᠬᠦ ᠳᠤ ᠢᠯᠡᠭᠦᠳᠡᠬᠦ ᠦᠭᠡᠢ ᠪᠠᠶᠢᠬᠤ ᠪᠤᠢ᠃ ᠹᠷᠠᠨᠽᠢ ᠬᠡᠯᠡᠨ᠎ᠡ ᠯᠢᠺᠧᠷ | ᠭᠡᠳᠡᠭ ᠨᠢᠭᠡᠨ ᠵᠦᠢᠯ ᠨᠡᠷ᠎ᠡ ᠠᠷᠪᠠᠨ ᠬᠤᠶᠠᠳᠤᠭᠠᠷ ᠵᠠᠭᠤᠨ ᠳᠤ ᠯᠠᠲ᠋ᠢᠨ ᠬᠡᠯᠡᠨ ᠠᠴᠠ ᠣᠷᠤᠭᠰᠠᠨ ᠨᠢ ᠡᠸᠦ᠋ᠷᠦᠫᠡ | ᠵᠦᠭ ᠲᠤ ᠲᠦᠭᠡᠨ ᠳᠡᠯᠭᠡᠷᠡᠵᠣ ᠢᠷᠡᠭᠰᠡᠨ ᠪᠠᠶᠢᠨ᠎ᠠ᠃ ᠣᠭ ᠨᠢ ᠯᠠᠲ᠋ᠢᠨ ᠢᠶᠠᠷ ᠰᠢᠩᠭᠡᠨ ᠭᠡᠬᠦ ᠶᠢᠨ ᠰᠢᠩᠭᠡ ᠭᠡᠰᠡᠨ | ᠨᠡᠷ᠎ᠡ ᠠᠵᠠᠢ᠃ ᠲᠡᠭᠡᠬᠦ ᠳᠤ ᠮᠣᠩᠭᠤᠯ ᠬᠡᠯᠡᠨ᠎ᠡ ᠰᠠᠷᠬᠤᠳ ᠤᠨ ᠲᠤᠳᠤᠷ᠎ᠠ ᠰᠢᠩᠭᠡ ᠭᠡᠵᠦ ᠨᠡᠷᠡᠯᠡᠳᠡᠭ ᠨᠢᠭᠡᠨ ᠵᠦᠢᠯ | ᠠᠷᠢᠬᠢ ᠪᠠᠶᠢᠭᠰᠠᠨ ᠤ ᠬᠡᠷᠡᠴᠢ ᠨᠢ ᠪᠢᠴᠢᠭ ᠤᠨ ᠬᠡᠯᠡᠨ ᠤ ᠳᠤᠷᠠᠰᠬᠠᠯ ᠳᠤ ᠪᠤᠢ ᠪᠠᠷ ᠪᠠᠷᠠᠬᠤ ᠦᠭᠡᠢ ᠠᠮᠠᠨ ᠬᠡᠯᠡᠨ᠎ᠡ | ᠳᠦᠴᠢᠭᠡᠳ ᠵᠢᠯ ᠤᠨ ᠡᠮᠦᠨ᠎ᠡ ᠲᠠᠶᠢᠯᠠᠯᠭ᠎ᠠ ᠶᠢᠨ ᠵᠦᠢᠯ ᠳᠤ ᠬᠡᠷᠡᠭᠯᠡᠳᠡᠭ ᠨᠢᠭᠡᠨ ᠵᠦᠢᠯ ᠠᠷᠢᠬᠢ ᠶᠢ ᠰᠢᠩᠭᠡ ᠭᠡᠳᠡᠭ | ᠪᠠᠶᠢᠵᠠᠢ᠃ | ᠰᠠᠷᠬᠤᠳ ᠤᠨ ᠵᠦᠢᠯ ᠳᠤ ᠨᠡᠷᠡᠳᠡᠭ ᠦᠭᠡᠢ᠂ ᠭᠠᠭᠴᠠ ᠬᠦ ᠦᠵᠤᠮ ᠤᠨ ᠰᠢᠭᠦᠰᠦ ᠶᠢ ᠰᠢᠬᠠᠵᠤ ᠲᠠᠷᠤᠵᠤ | ᠠᠮᠲᠠᠲᠦ ᠰᠠᠷᠬᠤᠳ ᠪᠣᠯᠭᠠᠳᠠᠭ ᠨᠢᠭᠡᠨ ᠵᠦᠢᠯ ᠣᠮᠳᠠᠭ᠎ᠠ ᠪᠤᠢ᠃ ᠲᠡᠭᠦᠨ ᠢ ᠮᠣᠩᠭᠤᠯ ᠢᠶᠠᠷ ᠲᠠᠷᠠᠰᠤ ᠭᠡᠵᠦ ᠨᠡᠷᠡᠳᠡᠭ | ᠠᠷᠢᠬᠢ ᠭᠡᠳᠡᠭ ᠠᠴᠠ ᠪᠠᠨ ᠢᠯᠭᠠᠨ ᠨᠡᠷᠡᠯᠡᠳᠡᠭ ᠪᠠᠶᠢᠵᠠᠢ᠃ ᠳᠠᠷᠠᠰᠤ ᠶᠢ ᠪᠠᠰᠠ ᠪᠣᠷᠣ ᠭᠡᠳᠡᠭ᠂ ᠪᠣᠷᠣ ᠲᠠᠷᠠᠰᠤ ᠴᠦ | ᠭᠡᠵᠦ ᠨᠡᠷᠡᠯᠡᠳᠡᠭ᠃ ᠡᠭᠦᠨ ᠳᠤ ᠣᠩᠭᠠᠷᠢ ᠣᠯᠤᠰ ᠣᠳᠤ ᠬᠦᠷᠳᠡᠯ᠎ᠡ ᠦᠵᠤᠮ ᠤᠨ ᠳᠠᠷᠠᠰᠤ ᠶᠢ ᠪᠣᠷᠣ ᠭᠡᠳᠡᠭ | ᠪᠠᠶᠢᠨ᠎ᠠ᠃ ᠮᠠᠨ ᠤ ᠳᠠᠷᠠᠰᠤ ᠶᠢ ᠣᠷᠤᠰ ᠢᠶᠠᠷ ᠸᠢᠨᠣᠭᠷᠠᠳ᠋ᠨᠣᠧ ᠪᠢᠨᠤ᠋ ᠭᠡᠵᠦ ᠨᠡᠷᠡᠯᠡᠳᠡᠭ ᠪᠠᠶᠢᠨ᠎ᠠ᠃ ᠲᠠᠷᠠᠰᠤ | ᠲᠤᠲᠤᠷ᠎ᠠ ᠪᠠᠨ ᠲᠦᠷᠦᠯ ᠵᠦᠢᠯ ᠣᠯᠠᠨ᠃ ᠹᠷᠠᠨᠽᠢ ᠶᠢᠨ ᠱᠠᠮᠫᠠᠨ ᠮᠣᠵᠢ ᠳᠤ ᠬᠢᠳᠡᠭ ᠢᠶᠠᠷ ᠱᠠᠮᠫᠠᠨ ᠲᠠᠷᠠᠰᠤ᠂ | ᠣᠷᠤᠰ ᠢᠶᠠᠷ ᠱᠠᠮᠫᠠᠨᠰᠺᠠ ᠭᠡᠵᠦ ᠨᠡᠷᠡᠯᠡᠳᠡᠭ ᠨᠢ ᠨᠡᠶᠢᠲᠡ ᠳᠤ ᠳᠡᠯᠭᠡᠷᠡᠭᠰᠡᠨ ᠨᠢᠭᠡᠨ ᠵᠦᠢᠯ ᠲᠠᠷᠠᠰᠤ ᠪᠤᠯᠤᠨ᠎ᠠ᠃ | ᠡᠸᠦ᠋ᠷᠤᠫᠠ ᠳᠤ ᠪᠢᠷ᠂ ᠣᠷᠤᠰ ᠰᠠᠯᠠᠪ ᠬᠡᠯᠡᠨ ᠳᠤ ᠫᠢᠲ ᠭᠡᠵᠦ ᠣᠣᠭᠤᠬᠤ ᠭᠡᠰᠡᠨ ᠦᠬᠡᠨ ᠠᠴᠠ ᠫᠢᠸᠤ᠋ ᠭᠡᠵᠦ | ᠣᠮᠳᠠᠭ᠎ᠠ ᠭᠡᠮᠡᠨ ᠨᠡᠷᠡᠯᠡᠭᠰᠡᠨ ᠨᠢᠭᠡᠨ ᠵᠦᠢᠯ ᠰᠠᠷᠬᠤᠳ ᠢ ᠮᠣᠩᠭᠤᠯᠴᠣᠳ ᠯᠠᠪ ᠬᠡᠳᠦᠨ ᠮᠢᠩᠭᠠᠨ ᠵᠢᠯ ᠠᠷᠪᠠᠢ | ᠲᠠᠷᠢᠳᠠᠭ ᠦᠶ᠎ᠡ ᠠᠴᠠ ᠪᠠᠨ ᠡᠬᠢᠯᠡᠨ ᠠᠷᠪᠠᠢ ᠶᠢᠨ ᠰᠢᠷ᠎ᠠ ᠠᠶᠢᠷᠠᠭ ᠭᠡᠵᠦ ᠨᠡᠷᠡᠯᠡᠭᠰᠡᠭᠡᠷ ᠢᠷᠡᠭᠰᠡᠨ ᠪᠢᠯᠡ᠃ ᠮᠣᠩᠭᠤᠯ | — ᠡᠸᠦ᠋ᠷᠦᠫᠡ ᠲᠤᠯᠢ ᠪᠦᠬᠦᠨ ᠳᠤ ᠮᠠᠨ ᠤ ᠲᠡᠷᠡ ᠰᠢᠷ᠎ᠠ ᠠᠶᠢᠷᠠᠭ ᠭᠡᠳᠡᠭ ᠢ ᠡᠸᠦ᠋ᠷᠦᠫᠡ ᠬᠡᠯᠡᠨ᠎ᠡ ᠪᠢᠷ᠂ ᠣᠷᠤᠰ | ᠢᠶᠠᠷ ᠫᠢᠸᠤ᠋ ᠭᠡᠳᠡᠭ ᠣᠷᠴᠢᠭᠤᠯᠭ᠎ᠠ ᠪᠠᠶᠢᠨᠠᠮ᠃ ᠮᠣᠩᠭᠤᠯ ᠭᠠᠵᠠᠷ ᠶᠠᠪᠣᠭᠰᠠᠨ ᠣᠷᠤᠰ ᠵᠢᠭᠤᠯᠴᠢᠨ ᠤ ᠪᠢᠴᠢᠭ ᠲᠤ | ᠮᠣᠩᠭᠤᠯ ᠤᠨ ᠠᠷᠪᠠᠢ ᠶᠢᠨ ᠰᠢᠷ᠎ᠠ ᠠᠶᠢᠷᠠᠭ ᠢ ᠮᠣᠩᠭᠤᠯᠰᠺᠠ ᠶᠠᠴᠮᠧᠨᠨᠣᠧ ᠫᠢᠸᠤ᠋ ᠭᠡᠵᠦ ᠰᠤᠨᠢᠷᠬᠠᠨ ᠠᠶᠠᠳᠠᠶᠢᠬᠠᠨ | ᠣᠮᠳᠠᠭᠠᠨ ᠤ ᠨᠢᠭᠡᠨ ᠰᠣᠨᠢᠨ ᠵᠦᠢᠯ ᠭᠡᠵᠦ ᠲᠡᠮᠳᠡᠭᠯᠡᠭᠰᠡᠨ ᠪᠠᠶᠢᠳᠠᠭ᠃ ᠰᠢᠷ᠎ᠠ ᠠᠶᠢᠷᠠᠭ ᠢ ᠠᠷᠪᠠᠢ ᠪᠠᠷ ᠬᠢᠭᠰᠡᠨ ᠢ ᠨᠢ | ᠠᠷᠪᠠᠢ ᠶᠢᠨ᠂ ᠦᠭᠡᠷ᠎ᠡ ᠵᠦᠢᠯ ᠢᠶᠠᠷ ᠬᠢᠭᠰᠡᠨ ᠢ ᠨᠢ ᠲᠡᠶᠢᠮᠦ ᠰᠢᠷ᠎ᠠ ᠠᠶᠢᠷᠠᠭ ᠭᠡᠵᠦ ᠲᠤᠳᠤᠳᠬᠠᠯ ᠨᠡᠷ᠎ᠡ ᠵᠡᠭᠦᠯᠭᠡᠵᠤ | ᠬᠡᠷᠡᠭᠯᠡᠳᠡᠭ ᠶᠤᠰᠤ ᠰᠤᠶᠤᠯᠲᠤ ᠮᠣᠩᠭᠤᠯ ᠬᠡᠯᠡᠨ ᠳᠤ ᠪᠠᠶᠢᠵᠤ ᠯᠠ ᠳ᠋ᠠ᠃ | ᠡᠷᠲᠡᠨ ᠤ ᠰᠤᠶᠤᠯᠲᠤ ᠮᠣᠩᠭᠤᠯ ᠤᠨ ᠠᠷᠠᠳ ᠲᠦᠮᠡᠨ ᠰᠠᠷᠬᠤᠳ ᠤᠨ ᠵᠦᠢᠯ ᠢ ᠢᠳᠡᠬᠡᠨ ᠤ ᠳᠡᠭᠡᠵᠢ ᠭᠡᠵᠦ | ᠣᠯᠠᠨ ᠣᠯᠤᠰ ᠤᠨ ᠨᠢᠭᠡᠨ ᠠᠳᠠᠯᠢ ᠡᠷᠬᠢᠮᠯᠡᠳᠡᠭ ᠣᠴᠢᠷ ᠵᠣᠴᠢᠨ ᠬᠦᠮᠦᠨ ᠳᠤ ᠬᠠᠷ᠎ᠠ ᠣᠰᠤ ᠪᠠᠷᠢᠬᠤ ᠦᠭᠡᠢ ᠬᠠᠷ᠎ᠠ | ᠠᠷᠢᠬᠢ ᠪᠠᠷᠢᠳᠠᠭ ᠶᠤᠰᠤ ᠪᠤᠢ ᠪᠢᠯᠡ᠃ ᠲᠡᠭᠡᠬᠦ ᠳᠤ ᠪᠠᠰᠠ ᠠᠷᠢᠬᠢ ᠶᠢ ᠨᠢ ᠣᠣᠭᠤᠵᠦ ᠬᠦᠨᠳᠦ ᠶᠢ ᠨᠢ ᠬᠦᠯᠢᠶᠡᠭᠡᠳ | ᠭᠦᠯᠦᠴᠢᠨ ᠰᠤᠭᠲᠤᠭᠤᠷᠠᠨ ᠠᠬ ᠠ᠋ ᠲᠡᠭᠦᠦ ᠣᠯᠠᠨ ᠤ ᠳᠤᠮᠳᠠ ᠮᠠᠭᠤ ᠪᠠᠨ ᠦᠵᠡᠭᠦᠯᠵᠦ ᠮᠠᠭᠤᠬᠠᠢ ᠪᠠᠨ | ᠳᠠᠭᠤᠳᠠᠭᠤᠯᠬᠤ ᠶᠢ ᠲᠤᠩ ᠵᠢᠭᠰᠢᠳᠡᠭ ᠵᠢᠷᠤᠮ ᠲᠠᠢ ᠪᠢᠯᠡ᠃ ᠠᠬᠠᠮᠠᠳ ᠨᠠᠰᠤᠲᠠᠨ ᠬᠦᠮᠦᠨ ᠢ ᠬᠦᠨᠳᠦᠳᠭᠡᠨ | ᠦᠵᠡᠳᠡᠭ ᠪᠣᠯᠪᠠᠰᠣᠨ ᠶᠤᠰᠤ ᠪᠦᠬᠦᠢ ᠮᠠᠨ ᠤ ᠠᠷᠠᠳ ᠲᠦᠮᠡᠨ᠂ ᠪᠠᠭᠠᠴᠤᠳ ᠵᠠᠯᠠᠭᠤᠴᠤᠳ᠂ ᠠᠬᠠᠮᠠᠳ ᠨᠠᠰᠤᠲᠠᠨ | ᠬᠦᠮᠦᠨ ᠤ ᠲᠡᠷᠭᠡᠳᠡ ᠣᠣᠭᠤᠨ ᠰᠤᠭᠲᠤᠭᠤᠷᠠᠵᠤ᠂ ᠰᠢᠷᠪᠠᠨ ᠨᠠᠶᠢᠭᠤᠵᠤ᠂ ᠣᠣᠭᠤᠭᠰᠠᠨ ᠢᠳᠡᠭᠡᠨ ᠳᠡᠭᠡᠨ ᠰᠠᠪᠠ | ᠪᠤᠯᠵᠤ ᠴᠢᠳᠠᠬᠤ ᠦᠭᠡᠢ ᠮᠠᠭᠤ ᠪᠠᠨ ᠦᠵᠡᠭᠦᠯᠵᠦ ᠮᠠᠭᠤᠬᠠᠢ ᠪᠠᠨ ᠳᠠᠭᠤᠳᠠᠭᠤᠯᠵᠤ ᠶᠠᠪᠤᠬᠤ ᠶᠢ ᠲᠤᠩ ᠴᠦ | ᠵᠢᠭᠰᠢᠳᠡᠭ ᠪᠢᠯᠡ᠃ ᠣᠴᠢᠷ ᠡᠶᠢᠮᠣ ᠳᠤ ᠢᠳᠡᠬᠡᠨ ᠤ ᠳᠡᠭᠡᠵᠢ ᠰᠠᠷᠬᠤᠳ ᠢ ᠠᠮᠰᠠᠪᠠᠴᠤ ᠣᠣᠭᠤᠨ ᠰᠤᠭᠲᠤᠭᠤᠷᠠᠬᠤ | ᠦᠭᠡᠢ᠂ ᠶᠤᠰᠤ ᠠᠯᠳᠠᠬᠤ ᠦᠭᠡᠢ ᠶᠢ ᠡᠷᠬᠢᠮᠯᠡᠳᠡᠭ ᠮᠠᠨ ᠤ ᠠᠷᠠᠳ ᠲᠦᠮᠡᠨ᠂ ᠠᠷᠢᠬᠢ ᠬᠡᠲᠦᠷᠡᠪᠡᠯ ᠬᠤᠣᠷᠠᠲᠠᠢ ᠶᠢ ︽ | ᠠᠷᠢᠬᠢ ᠠᠷᠪᠠᠨ ᠭᠤᠷᠪᠠᠨ ᠵᠢᠯᠤᠭᠤ ᠲᠠᠢ︾᠂ ︽ᠰᠠᠷᠬᠤᠳ ᠰᠠᠪᠠᠨ ᠠᠴᠠ ᠪᠠᠨ ᠪᠣᠰᠣᠳ ᠢ ᠳᠠᠪᠠᠳᠠᠭ︾ ᠭᠡᠵᠦ | ᠰᠣᠷᠭᠠᠮᠵᠢᠯᠠᠨ ᠬᠡᠯᠡᠳᠡᠭ ᠰᠡᠴᠡᠨ ᠦᠭᠡ ᠲᠠᠢ᠃ ᠮᠦᠨ ᠠᠷᠢᠬᠢᠨ ᠳᠤ ᠬᠦᠯᠴᠦᠭᠰᠡᠨ ᠬᠦᠮᠦᠨ ᠣᠬᠠᠭᠠᠨ ᠮᠡᠳᠡᠷᠡᠯ | ᠠᠯᠳᠠᠵᠦ ᠮᠠᠭᠤ ᠮᠠᠭᠤᠬᠠᠢ ᠪᠠᠨ ᠦᠵᠡᠭᠦᠯᠳᠡᠭ ᠢ ᠬᠡᠳᠦᠶᠢᠨ ᠰᠢᠨᠵᠢᠯᠡᠵᠦ ︽ᠮᠠᠭᠤ ᠡᠷ᠎ᠡ ᠠᠷᠢᠬᠢᠨ ᠳᠤ ᠳᠠᠪᠠᠷᠠᠳᠠᠭ︾ | ᠂ ︽ᠰᠤᠬᠤᠷ ᠦᠬᠡᠷ ᠲᠤ ᠬᠤᠳᠳᠤᠭ ᠪᠣᠣ ᠵᠢᠭ᠎ᠠ᠂ ᠰᠣᠭᠲᠣᠭᠤ ᠬᠦᠮᠦᠨ ᠳᠤ ᠠᠷᠢᠬᠢ ᠪᠣᠣ ᠦᠵᠡᠭᠦᠯ︾ ᠭᠡᠬᠦ | ᠵᠡᠷᠭᠡ ᠶᠢᠨ ᠡᠳᠣᠢ ᠲᠡᠳᠦᠢ ᠰᠡᠴᠡᠨ ᠦᠭᠡ ᠪᠠᠷ ᠠᠷᠢᠬᠢ ᠬᠡᠲᠦᠷᠡᠬᠦ ᠶᠢ ᠰᠢᠬᠦᠮᠵᠢᠯᠡᠨ ᠴᠡᠭᠡᠷᠯᠡᠭᠦᠯᠦᠭᠰᠡᠨ ᠪᠠᠶᠢᠳᠠᠭ᠃ | ᠰᠡᠭᠦᠯ ᠤᠨ ᠦᠶ᠎ᠡ ᠠᠴᠠ ᠵᠠᠯᠠᠭᠤᠴᠤᠳ ᠠᠷᠢᠬᠢᠨ ᠳᠤ ᠭᠦᠯᠦᠴᠢᠨ ᠬᠠᠯᠠᠮᠰᠠᠵᠣ ᠭᠤᠳᠤᠮᠵᠢ ᠵᠡᠭᠡᠯᠢ ᠶᠢᠨ ᠭᠠᠵᠠᠷ | ᠰᠤᠭᠲᠤᠭᠤᠷᠠᠨ ᠶᠠᠪᠣᠬᠤ ᠪᠦᠳᠦᠭᠦᠯᠢᠭ ᠤᠨ ᠦᠵᠡᠭᠳᠡᠯ ᠪᠠᠭ᠋ᠠᠨ ᠭᠠᠷᠴᠤ ᠪᠠᠶᠢᠭ᠎ᠠ ᠨᠢ ᠠᠷᠠᠳ ᠤᠨ ᠢᠶᠠᠨ ᠶᠤᠰᠤ᠂ | ᠠᠬᠠᠮᠠᠳ ᠨᠠᠰᠤᠲᠠᠨ ᠬᠦᠮᠦᠨ ᠢ ᠬᠦᠨᠳᠦᠳᠭᠡᠬᠦ ᠪᠣᠯᠪᠠᠰᠣᠨ ᠵᠠᠩᠰᠢᠯ ᠢ ᠠᠯᠳᠠᠭᠳᠠᠭᠤᠯᠵᠤ ᠪᠦᠳᠦᠭᠦᠯᠢᠭ ᠰᠢᠨᠵᠢ | ᠦᠵᠡᠭᠦᠯᠬᠦ ᠪᠠᠶᠢᠳᠠᠯ ᠬᠤᠲᠠ ᠰᠠᠭᠤᠷᠢᠨ ᠭᠠᠵᠠᠷ ᠦᠵᠡᠭᠳᠡᠵᠤ ᠪᠠᠶᠢᠭ᠎ᠠ ᠨᠢ ᠨᠡᠷ᠎ᠡ ᠲᠦᠷᠦ ᠳᠤ ᠮᠠᠭᠤᠬᠠᠢ᠂ ︽ | ᠬᠦᠮᠦᠨ ᠨᠡᠷ᠎ᠡ ᠪᠠᠨ ᠲᠤᠭᠤᠰ ᠦᠳᠦ ᠪᠠᠨ︾ ᠭᠡᠰᠡᠨ ᠠᠷᠠᠳ ᠲᠦᠮᠡᠨ ᠤ ᠦᠪᠡᠷ ᠤᠨ ᠪᠡᠶ᠎ᠡ ᠪᠤᠯᠤᠨ ᠪᠣᠰᠣᠳ ᠢ | ᠬᠦᠨᠳᠦᠳᠭᠡᠳᠡᠭ ᠪᠣᠯᠪᠠᠰᠣᠨ ᠨᠠᠷᠢᠨ ᠶᠤᠰᠤ ᠮᠡᠳᠡᠬᠦ ᠦᠭᠡᠢ ᠪᠦᠳᠦᠭᠦᠯᠢᠭ ᠢᠶᠠᠨ ᠢᠯᠡᠴᠢᠯᠡᠵᠦ ᠪᠠᠶᠢᠭ᠎ᠠ ᠶᠢᠨ ᠰᠢᠨᠵᠢ | ᠪᠤᠯᠤᠨ᠎ᠠ᠃ ᠡᠶᠢᠮᠣ ᠳᠤ ᠰᠤᠭᠲᠤᠭᠤᠷᠠᠨ ᠣᠣᠭᠤᠬᠤ᠂ ᠭᠤᠳᠤᠮᠵᠢ ᠵᠡᠭᠡᠯᠢ ᠶᠢᠨ ᠭᠠᠵᠠᠷ ᠰᠢᠷᠪᠠᠵᠤ ᠨᠠᠶᠢᠭᠤᠵᠤ | ᠶᠠᠪᠣᠬᠤ ᠨᠢ ᠨᠡᠶᠢᠲᠡ ᠣᠯᠠᠨ ᠤ ᠪᠤᠯᠪᠠᠰᠤᠷᠠᠯ ᠦᠨᠳᠦᠷ ᠪᠤᠯᠵᠤ ᠪᠠᠶᠢᠭ᠎ᠠ ᠣᠳᠤ ᠴᠠᠭ ᠲᠤ ᠨᠢᠳᠦᠨ ᠤ ᠪᠣᠯᠠᠢ | ᠮᠠᠭᠤᠬᠠᠢ ᠦᠵᠡᠭᠳᠡᠯ ᠭᠡᠳᠡᠭ ᠢ ᠰᠡᠩᠬᠡᠷᠡᠨ ᠪᠣᠳᠣᠬᠤ ᠬᠡᠷᠡᠭᠲᠡᠢ ᠪᠠᠶᠢᠨ᠎ᠠ᠃ ᠣᠣᠭᠤᠬᠤ ᠳᠠᠭᠠᠨ ᠬᠡᠮᠵᠢᠶ᠎ᠡ ᠶᠤᠰᠤ | ᠠᠯᠳᠠᠬᠤ ᠦᠭᠡᠢ᠂ ᠦᠪᠡᠷ ᠤᠨ ᠪᠤᠯᠤᠭᠠᠳ ᠠᠷᠠᠳ ᠲᠦᠮᠡᠨ ᠤ ᠪᠠᠨ ᠨᠡᠷ᠎ᠡ ᠬᠦᠨᠳᠦ ᠶᠢ ᠭᠤᠲᠤᠭᠠᠬᠤ ᠦᠭᠡᠢ ᠶᠢ | ᠶᠠᠭᠤᠨ ᠤ ᠡᠮᠦᠨ᠎ᠡ ᠪᠤᠳᠤᠭᠤᠰᠢᠲᠠᠢ᠂ ᠵᠠᠯᠠᠭᠤ ᠦᠶ᠎ᠡ ᠶᠢᠨ ᠬᠢᠨ ᠲᠤᠩ ᠠᠩᠬᠠᠷᠬᠤ ᠬᠡᠷᠡᠭᠲᠡᠢ᠃ | |