ᠮᠤᠩᠭᠤᠯ ᠬᠡᠷ ᠤᠨ ᠲᠤᠳᠤᠷᠠᠬᠢ ᠤᠷᠤᠨ ᠵᠠᠢ
ᠨᠡᠶᠢᠲᠡᠯᠡᠭᠰᠡᠨ ᠴᠠᠭ᠄
2022/6/30
                  ⑴ ᠭᠤᠯᠤᠮᠳᠠ ᠲᠤᠯᠭ᠎ᠠ ᠤᠷᠤᠨ — ᠮᠤᠩᠭᠤᠯ ᠬᠡᠷ ᠤᠨ ᠲᠦᠪ ᠲᠤᠮᠳᠠ᠂ ᠶᠠᠭ ᠲᠤᠭᠤᠨᠤ ᠲᠠᠢ ᠠᠰᠯᠠᠵᠤ ᠪᠠᠶᠢᠭ᠎ᠠ ᠲᠤᠭᠤᠷᠢᠭ ᠭᠠᠵᠠᠷ ᠲᠤ ᠳᠤᠯᠭ᠎ᠠ ᠪᠠᠨ ᠳᠠᠯᠪᠢᠳᠠᠭ᠃ ᠡᠭᠦᠨ ᠢᠶᠠᠨ ᠭᠤᠯᠤᠮᠳᠠ ᠲᠤᠯᠭ᠎ᠠ ᠶᠢᠨ ᠤᠷᠤᠨ ᠭᠡᠳᠡᠭ᠃       ⑵ ᠰᠢᠳᠤᠭᠡᠨ ᠪᠤᠷᠬᠠᠨ ᠤ ᠤᠷᠤᠨ — ᠪᠠᠷᠠᠭᠤᠨ ᠬᠤᠶᠢᠳᠤ ᠳᠠᠯ᠎ᠠ᠃       ⑶ ᠡᠷ᠎ᠡ ᠬᠦᠮᠦᠨ ᠤ ᠡᠳ᠋ᠯᠡᠯ ᠬᠡᠷᠡᠭᠰᠡᠯ ᠳᠠᠯᠪᠢᠬᠤ ᠤᠷᠤᠨ — ᠪᠠᠷᠠᠭᠤᠨ ᠳᠠᠯ᠎ᠠ᠃       ⑷ ᠮᠤᠷᠢᠨ ᠤ ᠡᠳ᠋ᠯᠡᠯ ᠬᠡᠷᠡᠭᠰᠡᠯ ᠳᠠᠯᠪᠢᠬᠤ ᠤᠷᠤᠨ — ᠪᠠᠷᠠᠭᠤᠨ ᠡᠮᠤᠨ᠎ᠡ ᠳᠠᠯ᠎ᠠ᠃       ⑸ ᠤᠷᠤᠨ ᠰᠢᠷᠡᠭᠡ ᠳᠠᠯᠪᠢᠬᠤ ᠭᠠᠵᠠᠷ — ᠬᠤᠶᠢᠳᠤ ᠳᠠᠯ᠎ᠠ᠂ ᠪᠠᠰᠠ ᠬᠤᠶᠢᠮᠤᠷ ᠭᠡᠵᠤ ᠬᠡᠯᠡᠳᠡᠭ᠃       ⑹ ᠪᠦᠰᠡᠭᠦᠢ ᠬᠦᠮᠦᠨ ᠤ ᠡᠳ᠋ᠯᠡᠯ ᠬᠡᠷᠡᠭᠰᠡᠯ ᠳᠠᠯᠪᠢᠬᠤ ᠤᠷᠤᠨ — ᠵᠡᠭᠦᠨ ᠬᠤᠶᠢᠳᠤ ᠳᠠᠯ᠎ᠠ᠃       ⑺ ᠢᠳᠡᠭᠡᠨ ᠤᠮᠳᠠᠭᠠᠨ ᠰᠦ ᠰᠠᠭᠠᠯᠢ ᠳᠠᠯᠪᠢᠬᠤ ᠭᠠᠵᠠᠷ — ᠵᠡᠭᠦᠨ ᠳᠠᠯ᠎ᠠ᠃       ⑻ ᠬᠦᠨᠦᠭ ᠬᠦᠬᠦᠷ᠂ ᠠᠷᠭᠠᠯ ᠤᠰᠤ ᠳᠠᠯᠪᠢᠬᠤ ᠭᠠᠵᠠᠷ — ᠵᠡᠭᠦᠨ ᠡᠮᠤᠨ᠎ᠡ ᠳᠠᠯ᠎ᠠ᠃ ᠵᠡᠭᠦᠨ ᠡᠮᠤᠨ᠎ᠡ ᠤᠷᠤᠨ ᠵᠠᠢ ᠳᠤ ᠳᠠᠯᠪᠢᠬᠤ ᠡᠳ᠋ ᠶᠠᠭᠤᠮ᠎ᠠ ᠶᠢᠨ ᠵᠦᠢᠯ ᠨᠢ ᠪᠤᠰᠤᠳ ᠤᠷᠤᠨ ᠵᠠᠢ ᠳᠤ ᠳᠠᠯᠪᠢᠬᠤ ᠡᠳ᠋ᠯᠡᠯ ᠬᠡᠷᠡᠭᠯᠡᠯ ᠢ ᠪᠤᠳᠤᠪᠡᠯ ᠤᠯᠠᠷᠢᠯ ᠢ ᠳᠠᠭᠠᠵᠤ ᠬᠤᠪᠢᠰᠴᠤ ᠪᠠᠶᠢᠳᠠᠭ᠃ ᠡᠪᠤᠯ ᠪᠤᠯ ᠨᠢᠯᠬ᠎ᠠ ᠳᠦᠯ ᠤᠶᠠᠳᠠᠭ᠃ ᠵᠤᠨ ᠪᠤᠯ ᠴᠠᠭ᠎ᠠ ᠠᠶᠢᠷᠠᠭ ᠳᠠᠯᠪᠢᠳᠠᠭ᠂᠂᠂᠂᠂᠂ ᠵᠡᠷᠭᠡ᠃       ⑼ ᠡᠭᠦᠳᠡᠨ ᠵᠠᠢ — ᠳᠤᠯᠭᠠᠨ ᠬᠦᠷᠢᠶ᠎ᠡ ᠠᠴᠠ ᠡᠭᠦᠳᠡ ᠭᠦᠷᠳᠡᠯ᠎ᠡ ᠪᠠᠨ ᠱᠠᠯᠠ ᠮᠤᠳᠤ ᠳᠡᠪᠢᠰᠴᠤ ᠭᠠᠷᠴᠤ ᠤᠷᠤᠬᠤ ᠳᠤ ᠳᠦᠭᠦᠮ ᠪᠤᠯᠭᠠᠳᠠᠭ᠃      
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号